ᠮᠣᠩᠭᠣᠯ ᠳ᠋ᠡᠬᠢ ᠺᠤᠨᠷᠠᠳ᠋ ᠠᠳ᠋ᠸ᠋ᠨᠠᠦ᠋ᠷ ᠰᠠᠩ ᠤᠨ ᠰᠠᠭᠤᠷᠢᠨ ᠲᠥᠯᠥᠭᠡᠯᠡᠭᠴᠢ ᠶᠢᠨ ᠭᠠᠵᠠᠷ ᠤᠨ 30 ᠵᠢᠯ ᠦᠨ ᠣᠢ ᠶᠢᠨ ᠬᠦᠷᠢᠶᠡᠨ ᠳᠦ ᠠᠷᠠᠳᠴᠢᠯᠠᠯ ᠤᠨ ᠳᠤᠯᠤᠳᠤᠭᠠᠷ ᠴᠢᠭᠤᠯᠭᠠᠨ︽ᠮᠣᠩᠭᠣᠯ ᠤᠨ ᠠᠷᠠᠳᠴᠢᠯᠠᠯ᠄ ᠥᠴᠥᠭᠡᠳᠦᠷ ᠪᠠ ᠥᠨᠥᠳᠥᠷ︾ᠰᠡᠳᠦᠪ ᠢᠶᠡᠷ ᠨᠠᠢ᠌ᠮᠠᠳᠤᠭᠠᠷ ᠰᠠᠷ᠎ᠠ ᠶᠢᠨ 25 ᠳᠦ ᠪᠤᠯᠵᠠᠢ᠃
ᠴᠢᠭᠤᠯᠭᠠᠨ ᠳᠤ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠳ ∙ᠠᠮᠤᠷᠪᠠᠶᠠᠰᠬᠤᠯᠠᠩ᠂ ᠮᠣᠩᠭᠣᠯ ᠤᠯᠤᠰ ᠤᠨ ᠶᠡᠷᠦᠩᠬᠡᠢ ᠰᠠᠶᠢᠳ ᠠᠰᠠᠨ ᠰ∙ᠪᠠᠶᠠᠷ᠂ ᠨ∙ᠠᠯᠲᠠᠨᠬᠤᠶᠠᠭ᠂ ᠭᠧᠷᠮᠡᠨ ᠦ ᠪᠤᠨᠳᠧᠰᠲ᠋ᠠ ᠶᠢᠨ ᠭᠡᠰᠢᠭᠦᠨ ᠮᠠᠨᠹᠷᠡᠢᠳ᠋ ᠭᠷᠦᠨᠳ᠋᠂ ᠺᠤᠨᠷᠠᠳ᠋ ᠠᠳ᠋ᠸ᠋ᠨᠠᠦ᠋ᠷ ᠰᠠᠩ ᠤᠨ ᠧᠦ᠋ᠷᠣᠫᠠ᠂ ᠣᠯᠠᠨ ᠤᠯᠤᠰ ᠤᠨ ᠬᠠᠮᠲᠤ ᠶᠢᠨ ᠠᠵᠢᠯᠯᠠᠭᠠᠨ ᠤ ᠭᠠᠵᠠᠷ ᠤᠨ ᠠᠽᠢᠶ᠎ᠠ᠂ ᠨᠣᠮᠣᠬᠠᠨ ᠳᠠᠯᠠᠢ ᠶᠢᠨ ᠣᠷᠣᠨ ᠨᠤᠭᠤᠳ ᠬᠠᠷᠢᠭᠤᠴᠠᠭᠰᠠᠨ ᠬᠡᠯᠲᠡᠰ ᠦᠨ ᠳᠠᠷᠤᠭ᠎ᠠ ᠺᠷᠢᠰᠲ᠋ᠢᠶᠠᠨ ᠡᠾᠯᠧ᠂ ᠮᠣᠩᠭᠣᠯ ᠳ᠋ᠡᠬᠢ ᠺᠤᠨᠷᠠᠳ᠋ ᠠᠳ᠋ᠸ᠋ᠨᠠᠦ᠋ᠷ ᠰᠠᠩ ᠤᠨ ᠰᠠᠭᠤᠷᠢᠨ ᠲᠥᠯᠥᠭᠡᠯᠡᠭᠴᠢ ᠸᠢᠺᠲ᠋ᠣᠷ ᠹᠷᠠᠩᠺ ᠵᠡᠷᠭᠡ ᠬᠦᠮᠦᠰ ᠤᠷᠤᠯᠴᠠᠪᠠ᠃