︽ᠲᠠᠪᠤᠨᠲᠣᠯᠣᠭᠠᠢ ᠲᠡᠮᠦᠷ ᠵᠠᠮ》ᠺᠤᠮᠫᠠᠨᠢ ᠡᠨᠡ ᠣᠨ ᠤ ᠨᠠᠢ᠌ᠮᠠᠳᠤᠭᠠᠷ ᠰᠠᠷ᠎ᠠ ᠶᠢᠨ 27 ᠪᠤᠯᠲᠠᠯ᠎ᠠ ᠨᠢᠭᠡ ᠰᠠᠶ᠎ᠠ ᠲᠣᠨ ᠠᠴᠢᠶ᠎ᠠ ᠲᠡᠭᠡᠭᠡᠪᠤᠷᠢᠯᠡᠵᠡᠢ᠃︽ᠮᠣᠩᠭᠣᠯᠢᠶᠠᠨ ᠲᠷᠠᠨᠰ ᠯᠠᠢᠨ︾ᠺᠤᠮᠫᠠᠨᠢ ᠶᠢᠨ ᠴᠢᠩᠭᠡᠯᠢᠭ ᠲᠡᠢ ᠡᠺᠰᠫᠣᠷᠲ ᠤᠨ ᠨᠡᠭᠦᠷᠡᠰᠦ ᠠᠴᠢᠭᠰᠠᠨ 49 ᠸᠠᠭᠣᠨ ᠪᠦᠬᠦᠢ 6101 ᠳᠦᠭᠡᠷ ᠭᠠᠯᠲᠤ ᠲᠡᠷᠭᠡ ᠲᠠᠪᠤᠨᠲᠣᠯᠣᠭᠠᠢ ᠥᠷᠲᠡᠭᠡᠨ ᠡᠴᠡ ᠴᠣᠭᠲᠤᠴᠡᠴᠡᠢ ᠥᠷᠲᠡᠭᠡᠨ ᠳᠦ ᠬᠦᠷᠦᠭᠰᠡᠨ ᠢᠶᠡᠷ ᠡᠨᠡ ᠣᠨ ᠳᠤ ᠲᠡᠭᠡᠭᠡᠪᠦᠷᠢᠯᠡᠭᠰᠡᠨ ᠠᠴᠢᠶ᠎ᠠ 1 ᠰᠠᠶ᠎ᠠ ᠲᠣᠨ ᠳᠤ ᠬᠦᠷᠴᠡᠢ᠃
ᠲᠣᠳᠣᠷᠠᠭᠤᠯᠪᠠᠯ᠂ ᠲᠠᠪᠤᠨᠲᠣᠯᠣᠭᠠᠢ – ᠭᠠᠰᠢᠭᠤᠨᠰᠤᠬᠠᠢᠲᠤ ᠴᠢᠭᠯᠡᠯ ᠳᠦ 310.6 ᠮᠢᠩᠭᠠᠨ ᠲᠣᠨ᠂ ᠲᠠᠪᠤᠨᠲᠣᠯᠣᠭᠠᠢ – ᠴᠣᠭᠲᠤᠴᠡᠴᠡᠢ ᠴᠢᠭᠯᠡᠯ ᠳᠦ 690.2 ᠮᠢᠩᠭᠠᠨ ᠲᠣᠨ ᠠᠴᠢᠶ᠎ᠠ ᠲᠡᠭᠡᠭᠡᠪᠤᠷᠢᠯᠡᠵᠡᠢ᠃︽ᠲᠠᠪᠤᠨᠲᠣᠯᠣᠭᠠᠢ ᠲᠡᠮᠦᠷ ᠵᠠᠮ》 ᠺᠤᠮᠫᠠᠨᠢ ᠥᠩᠭᠡᠷᠡᠭᠰᠡᠨ ᠣᠨ ᠤ ᠳᠤᠯᠤᠳᠤᠭᠠᠷ ᠰᠠᠷ᠎ᠠ ᠶᠢᠨ ᠶᠢᠰᠦᠨ ᠦ ᠡᠳᠦᠷ ᠡᠴᠡ ᠲᠠᠪᠤᠨᠲᠣᠯᠣᠭᠠᠢ- ᠭᠠᠰᠢᠭᠤᠨᠰᠤᠬᠠᠢᠲᠤ ᠴᠢᠭᠯᠡᠯ ᠦᠨ ᠲᠡᠮᠦᠷ ᠵᠠᠮ ᠢᠶᠠᠷ ᠲᠤᠷᠰᠢᠯᠲᠠ ᠶᠢᠨ ᠲᠡᠭᠡᠭᠡᠪᠦᠷᠢᠯᠡᠯᠲᠡ ᠡᠬᠢᠯᠡᠭᠦᠯᠵᠦ᠂ ᠡᠨᠡ ᠣᠨ ᠤ ᠲᠠᠪᠤᠳᠤᠭᠠᠷ ᠰᠠᠷ᠎ᠠ ᠳᠤ ᠰᠠᠭᠤᠷᠢ ᠪᠦᠲᠦᠴᠡ ᠶᠢ ᠪᠠᠶᠢᠩᠭᠤ ᠶᠢᠨ ᠠᠰᠢᠭᠯᠠᠯᠲᠠ ᠳᠤ ᠣᠷᠣᠭᠤᠯᠤᠭᠰᠠᠨ ᠪᠢᠯᠡ᠃