ᠳᠣᠷᠣᠨᠠᠲᠤ ᠠᠶᠢᠮᠠᠭ ᠤᠨ《ᠬᠠᠨ ᠣᠷᠭᠢᠯ ᠰᠤᠶᠤᠯᠵᠢ》ᠺᠯᠦ᠋ᠫ ᠦᠨ ᠲᠠᠶᠧᠺᠸᠤᠨᠳᠤᠴᠢᠳ ᠬᠢᠲᠠᠳ ᠤᠨ ᠳ᠋ᠠᠲ᠋ᠦ᠋ᠩ ᠬᠤᠲᠠᠨ ᠳᠤ ᠪᠣᠯᠤᠭᠰᠠᠨ ᠣᠯᠢᠮᠫ ᠤᠨ ᠲᠠᠶᠡᠺᠸᠤᠨᠳᠤᠤ ᠶᠢᠨ ᠲᠡᠮᠡᠴᠡᠭᠡᠨ ᠡᠴᠡ ᠭᠠᠨᠵᠤᠭ᠎ᠠ ᠳᠦᠭᠦᠷᠡᠩ ᠢᠷᠡᠯ᠎ᠡ᠃ ᠲᠡᠮᠡᠴᠡᠭᠡᠨ ᠡᠨᠡ ᠰᠠᠷ᠎ᠠ ᠶᠢᠨ 20-23 ᠤ ᠡᠳᠦᠷ ᠦᠳ ᠲᠦ ᠪᠣᠯᠤᠭᠰᠠᠨ ᠪᠠ ᠮᠣᠩᠭᠣᠯ ᠤᠯᠤᠰ ᠠᠴᠠ 50 ᠲᠠᠮᠢᠷᠴᠢᠨ ᠤᠷᠤᠯᠴᠠᠵᠠᠢ᠃ ᠲᠣᠳᠣᠷᠠᠭᠤᠯᠪᠠᠯ᠂ ᠤᠯᠠᠭᠠᠨᠪᠠᠭᠠᠲᠤᠷ ᠬᠣᠲᠠ᠂ ᠨᠠᠯᠠᠶᠢᠬᠤ ᠳᠡᠭᠦᠷᠭᠡ᠂ ᠳᠣᠷᠣᠨᠠᠲᠤ ᠠᠶᠢᠮᠠᠭ ᠤᠨ ᠣᠯᠢᠮᠫ ᠤᠨ ᠲᠠᠶᠡᠺᠸᠤᠨᠳᠤᠤ ᠶᠢᠨ ᠳᠥᠷᠪᠡᠨ ᠪᠠᠭ ᠤᠨ ᠲᠠᠮᠢᠷᠴᠢᠳ ᠲᠤᠰ ᠲᠡᠮᠡᠴᠡᠭᠡᠨ ᠳᠦ ᠣᠷᠣᠯᠴᠠᠭᠰᠠᠨ ᠪᠠᠶᠢᠨ᠎ᠠ᠃
ᠳᠣᠷᠣᠨᠠᠲᠤ ᠠᠶᠢᠮᠠᠭ ᠲᠤ ᠭᠤᠷᠪᠠᠳᠠᠬᠢ ᠵᠢᠯ ᠳᠦ ᠪᠡᠨ ᠦᠢᠯᠡ ᠠᠵᠢᠯᠯᠠᠭ᠎ᠠ ᠪᠠᠨ ᠶᠠᠪᠤᠭᠤᠯᠵᠤ ᠪᠤᠢ《ᠬᠠᠨ ᠣᠷᠭᠢᠯ ᠰᠤᠶᠤᠯᠵᠢ》ᠺᠯᠦ᠋ᠫ ᠤᠨ ᠲᠠᠮᠢᠷᠴᠢᠳ ᠳᠡᠭᠡᠷᠡᠬᠢ ᠲᠡᠮᠡᠴᠡᠭᠡᠨ ᠡᠴᠡ 18 ᠠᠯᠲᠠ᠂ 24 ᠮᠥᠩᠭᠥ᠂ 68 ᠬᠦᠷᠡᠯ ᠮᠧᠳᠠᠯ ᠬᠦᠷᠲᠡᠵᠦ᠂ ᠥᠨᠳᠦᠷ ᠠᠮᠵᠢᠯᠲᠠ ᠦᠵᠡᠭᠦᠯᠦᠭᠰᠡᠨ ᠶᠤᠮ᠃