ᠬᠣᠪᠲᠣ ᠠᠶᠢᠮᠠᠭ ᠤᠨ ᠲᠥᠪ ᠲᠦ ᠪᠣᠷᠣᠯᠠᠭᠤᠯᠵᠤ ᠪᠠᠶᠢᠭ᠎ᠠ ᠰᠦ ᠴᠠᠭᠠᠨ ᠢᠳᠡᠭᠡᠨ ᠦ ᠦᠨ᠎ᠡ ᠥᠩᠭᠡᠷᠡᠭᠰᠡᠨ ᠰᠠᠷ᠎ᠠ ᠠᠴᠠ ᠡᠬᠢᠯᠡᠨ 5000 ᠲᠥᠭᠦᠷᠢᠭ ᠢᠶᠡᠷ ᠪᠠᠭᠤᠷᠠᠵᠠᠢ᠃ ᠲᠣᠳᠣᠷᠠᠭᠤᠯᠪᠠᠯ᠂ ᠳᠤᠯᠤᠳᠤᠭᠠᠷ ᠰᠠᠷ᠎ᠠ ᠠᠴᠠ ᠡᠮᠦᠨᠡᠬᠢ ᠬᠤᠭᠤᠴᠠᠭᠠᠨ ᠳᠤ ᠠᠭᠠᠷᠤᠤᠯ ᠨᠢᠭᠡ ᠺᠢᠯᠦᠭᠷᠡᠮ ᠨᠢ 40 ᠮᠢᠩᠭᠠᠨ ᠲᠥᠭᠥᠷᠢᠭ ᠦᠨ ᠦᠨ᠎ᠡ ᠲᠡᠢ ᠪᠠᠶᠢᠭᠰᠠᠨ ᠪᠣᠯ ᠣᠳᠣ ᠠᠭᠠᠷᠤᠤᠯ ᠢ ᠺᠢᠯᠦᠭᠷᠡᠮ ᠲᠤᠲᠤᠮ ᠳᠤ 35 ᠮᠢᠩᠭᠠᠨ ᠲᠥᠭᠥᠷᠢᠭ ᠢᠶᠡᠷ ᠵᠠᠷᠤᠵᠤ ᠪᠠᠶᠢᠨ᠎ᠠ᠃
ᠥᠨᠥᠳᠥᠷ ᠦᠨ ᠪᠠᠶᠢᠳᠠᠯ ᠢᠶᠠᠷ ᠨᠢᠭᠡ ᠯᠢᠲ᠋ᠷ ᠢᠮᠠᠭᠠᠨ ᠤ ᠰᠦ 5000᠂ ᠦᠬᠡᠷ ᠦᠨ ᠰᠦ 3500 ᠲᠥᠭᠥᠷᠢᠭ ᠦᠨ ᠦᠨ᠎ᠡ ᠲᠡᠢ ᠪᠠᠶᠢᠨ᠎ᠠ᠃ ᠬᠠᠷᠢᠨ ᠦᠬᠡᠷ ᠦᠨ ᠰᠦ ᠪᠡᠷ ᠬᠢᠭᠰᠡᠨ ᠲᠠᠷᠠᠭ ᠯᠢᠲ᠋ᠷ ᠲᠤᠲᠤᠮ ᠳᠤ 5000᠂ ᠢᠮᠠᠭᠠᠨ ᠤ ᠰᠦ ᠪᠡᠷ ᠬᠢᠭᠰᠡᠨ ᠲᠠᠷᠠᠭ 6000᠂ ᠭᠡᠭᠦᠦᠨ ᠦ ᠠᠶᠢᠷᠠᠭ 8000 ᠲᠥᠭᠦᠷᠢᠭ ᠦᠨ ᠬᠠᠩᠰᠢ ᠲᠠᠢ ᠪᠠᠶᠢᠨ᠎ᠠ᠃ ᠮᠥᠨ ᠠᠭᠠᠷᠴᠠ ᠺᠢᠯᠦᠭᠷᠡᠮ ᠲᠤᠲᠤᠮ ᠳᠤ 10 ᠮᠢᠩᠭ᠎ᠠ᠂ ᠰᠢᠷ᠎ᠠ ᠲᠣᠰᠣ 50 ᠮᠢᠩᠭ᠎ᠠ᠂ ᠠᠶᠢᠷᠠᠭ ᠤᠨ ᠲᠣᠰᠣ 38-40 ᠮᠢᠩᠭᠠᠨ ᠲᠥᠭᠦᠷᠢᠭ ᠦᠨ ᠦᠨ᠎ᠡ ᠲᠡᠢ ᠪᠠᠶᠢᠭ᠎ᠠ ᠪᠣᠯ ᠰᠢᠨ᠎ᠡ ᠥᠷᠦᠮ᠎ᠡ 25 ᠮᠢᠩᠭᠠᠨ ᠲᠥᠭᠦᠷᠢᠭ ᠢᠶᠡᠷ ᠬᠤᠳᠠᠯᠳᠤᠵᠤ ᠪᠠᠶᠢᠨ᠎ᠠ᠃