ᠡᠨᠡ ᠵᠢᠯ ᠳᠤᠮᠳᠠᠭᠤᠪᠢ ᠠᠶᠢᠮᠠᠭ ᠤᠨ ᠬᠡᠮᠵᠢᠶᠡᠨ ᠳᠦ 67.2 ᠭᠠ ᠲᠠᠯᠠᠪᠠᠢ ᠳᠤ ᠲᠥᠮᠥᠰᠥ᠂ ᠬᠦᠨᠡᠰᠦᠨ ᠦ ᠨᠣᠭᠣᠭ᠎ᠠ᠂ ᠵᠢᠮᠢᠰ ᠵᠢᠮᠢᠰᠬᠡᠨ᠎ᠡ᠂ ᠮᠠᠯ ᠤᠨ ᠲᠡᠵᠢᠭᠡᠯ ᠦᠨ ᠤᠷᠭᠤᠮᠠᠯ ᠲᠠᠷᠢᠶᠠᠯᠠᠵᠤ᠂ 439.2 ᠲᠣᠨ ᠤᠷᠭᠤᠴᠠ ᠬᠤᠷᠢᠶᠠᠨ ᠠᠪᠬᠤ ᠪᠠᠷ ᠲᠥᠯᠦᠪᠯᠡᠵᠡᠢ᠃ ᠲᠣᠳᠣᠷᠠᠭᠤᠯᠪᠠᠯ᠂ 29.04 ᠭᠠ ᠲᠠᠯᠠᠪᠠᠢ ᠠᠴᠠ 253 ᠲᠣᠨ ᠲᠥᠮᠦᠰᠦ᠂ 22.3 ᠭᠠ ᠲᠠᠯᠠᠪᠠᠢ ᠠᠴᠠ 163.2 ᠲᠣᠨ ᠬᠦᠨᠡᠰᠦᠨ ᠦ ᠨᠣᠭᠣᠭ᠎ᠠ᠂ 15.9 ᠭᠠ ᠠᠴᠠ 23 ᠲᠣᠨ ᠮᠠᠯ ᠤᠨ ᠲᠡᠵᠢᠭᠡᠯ ᠦᠨ ᠤᠷᠭᠤᠮᠠᠯ ᠬᠤᠷᠢᠶᠠᠨ ᠠᠪᠬᠤ ᠶᠤᠮ᠃
ᠬᠦᠨᠡᠰᠦᠨ ᠦ ᠨᠣᠭᠣᠭ᠎ᠠ ᠶᠢ ᠲᠥᠷᠥᠯ ᠢᠶᠡᠷ ᠨᠢ ᠠᠪᠴᠤ ᠦᠵᠡᠪᠡᠯ ᠪᠠᠢᠼᠠᠢ 1.4 ᠭᠠ᠂ ᠰᠢᠷ᠎ᠠ ᠯᠤᠤᠪᠠᠩ 2.6 ᠭᠠ᠂ ᠰᠢᠷ᠎ᠠ ᠮᠠᠨᠵᠢᠨ 2.3 ᠭᠠ᠂ ᠬᠦᠷᠡᠩ ᠮᠠᠨᠵᠢᠨ 2.5 ᠭᠠ᠂ ᠰᠣᠩᠭᠢᠨ᠎ᠠ 4.4 ᠭᠠ᠂ ᠰᠠᠷᠢᠮᠰᠠᠭ 2.1 ᠭᠠ᠂ ᠥᠷᠭᠡᠰᠦᠲᠦ ᠬᠡᠮᠬᠡ 1.9 ᠭᠠ᠂ ᠤᠯᠠᠭᠠᠨ ᠯᠣᠣᠯᠢ 1.1 ᠭᠠ᠂ ᠪᠤᠰᠤᠳ ᠬᠦᠨᠡᠰᠦᠨ ᠦ ᠨᠣᠭᠣᠭ᠎ᠠ ᠶᠢ 7.5 ᠭᠠ ᠲᠠᠯᠠᠪᠠᠢ ᠳᠤ ᠲᠠᠷᠢᠶᠠᠯᠠᠭᠰᠠᠨ ᠪᠠᠶᠢᠨ᠎ᠠ᠃
ᠥᠩᠭᠡᠷᠡᠭᠰᠡᠨ ᠵᠢᠯ ᠠᠶᠢᠮᠠᠭ ᠤᠨ ᠬᠡᠮᠵᠢᠶᠡᠨ ᠳᠦ 392.6 ᠲᠣᠨ ᠤᠷᠭᠤᠴᠠ ᠬᠤᠷᠢᠶᠠᠨ ᠠᠪᠴᠤ ᠪᠠᠶᠢᠭᠰᠠᠨ ᠶᠤᠮ᠃