ᠨᠠᠶᠢᠷ ᠨᠠᠭᠠᠳᠤᠮ ᠳᠠᠭᠤᠰᠴᠤ᠂ ᠨᠠᠮᠤᠷ ᠤᠨ ᠤᠯᠤᠰ ᠲᠥᠷᠥ ᠡᠬᠢᠯᠡᠬᠦ ᠶᠠᠩᠵᠤᠨ ᠳᠤ ᠪᠠᠨ ᠣᠷᠣᠵᠤ ᠪᠠᠶᠢᠨ᠎ᠠ᠃ ᠡᠨᠡ ᠨᠠᠮᠤᠷ ᠤᠨ ᠬᠠᠮᠤᠭ ᠤᠨ ᠬᠠᠯᠠᠭᠤᠨ ᠰᠡᠳᠦᠪ ᠦᠳ ᠦᠨ ᠨᠢᠭᠡ ᠨᠢ ᠨᠡᠭᠦᠷᠡᠰᠦᠨ ᠦ ᠰᠣᠨᠣᠰᠬᠠᠯ᠃ ᠬᠠᠪᠤᠷ ᠤᠨ ᠴᠢᠭᠤᠯᠭᠠᠨ ᠢᠶᠠᠷ ᠨᠡᠭᠦᠷᠡᠰᠦᠨ ᠦ ᠰᠣᠨᠣᠰᠬᠠᠯ ᠬᠦᠴᠦᠲᠡᠢ ᠶᠠᠷᠢᠭᠳᠠᠭᠰᠠᠨ ᠴᠤ ᠠᠪᠯᠢᠭ᠎ᠠ ᠲᠠᠢ ᠲᠡᠮᠡᠴᠡᠬᠦ ᠭᠠᠵᠠᠷ ᠤᠨ ᠰᠠᠨᠠᠯ ᠢ ᠦᠨᠳᠦᠰᠦᠯᠡᠨ ᠬᠣᠶᠢᠰᠢᠯᠠᠭᠤᠯᠤᠭᠰᠠᠨ᠃ ᠡᠷᠬᠡ ᠪᠠᠷᠢᠭᠴᠢᠳ ᠤᠨ ᠳᠤᠮᠳᠠ ᠨᠡᠭᠦᠷᠡᠰᠦᠨ ᠦ ᠰᠣᠨᠣᠰᠬᠠᠯ ᠠᠴᠠ ᠤᠯᠪᠠᠭᠠᠯᠠᠨ ᠡᠪ ᠲᠦᠨᠵᠢᠩ ᠬᠠᠭᠠᠷᠠᠵᠤ᠂ ᠪᠦᠯᠦᠭᠯᠡᠯ ᠬᠣᠭᠣᠷᠣᠨᠳᠣ ᠶᠢᠨ ᠵᠣᠳᠣᠭᠠᠨ ᠥᠷᠨᠢᠭᠰᠡᠨ ᠨᠢ ᠨᠢᠭᠤᠴᠠ ᠪᠢᠰᠢ᠃ ᠲᠡᠭᠡᠪᠡᠯ ᠮᠤᠩᠭᠤᠯ ᠠᠷᠠᠳ ᠤᠨ ᠨᠠᠮ ᠤᠨ ᠤᠳᠤᠷᠢᠳᠬᠤ ᠵᠦᠪᠯᠡᠯ ᠡᠨᠡ ᠪᠠᠰᠠᠩ ᠭᠠᠷᠠᠭ ᠲᠤ ᠬᠤᠷᠠᠯᠳᠤᠵᠤ᠂ ᠨᠠᠮᠤᠷ ᠤᠨ ᠴᠢᠭᠤᠯᠭᠠᠨ ᠤ ᠤᠯᠤᠰ ᠲᠥᠷᠥ ᠶᠢᠨ ᠥᠩᠭᠡ ᠶᠢ ᠶᠠᠷᠢᠯᠴᠠᠬᠤ ᠪᠣᠯᠤᠯᠲᠠᠢ᠃
ᠬᠠᠷᠢᠨ ᠰᠥᠷᠭᠦ ᠬᠦᠴᠦᠨ ᠠᠷᠠᠳᠴᠢᠯᠠᠭᠰᠠᠨ ᠨᠠᠮ ᠤᠨ ᠬᠤᠪᠢ ᠳᠤ ᠡᠨᠡ ᠰᠠᠷ᠎ᠠ ᠶᠢᠨ 28 ᠳᠤ ᠦᠨᠳᠦᠰᠦᠨ ᠦ ᠪᠤᠳᠤᠯᠭ᠎ᠠ ᠶᠢᠨ ᠬᠤᠷᠢᠶ᠎ᠠ ᠨᠢ ᠬᠤᠷᠠᠯ ᠢᠶᠠᠨ ᠵᠠᠷᠯᠠᠭᠰᠠᠨ᠃ ᠬᠤᠷᠠᠯ ᠢᠶᠠᠷ ᠲᠤᠰ ᠬᠣᠷᠢᠶᠠᠨ ᠤ ᠭᠡᠰᠢᠭᠦᠳ ᠢ ᠰᠢᠨ᠎ᠡ ᠪᠡᠷ ᠰᠣᠩᠭᠣᠨ ᠪᠠᠲᠤᠯᠠᠮᠵᠢᠯᠠᠬᠤ᠂ ᠳᠡᠭᠡᠳᠦ ᠰᠢᠭᠦᠬᠦ ᠳᠦ ᠪᠦᠷᠢᠳᠬᠡᠭᠳᠡᠭᠰᠡᠨ ᠳᠦᠷᠢᠮ ᠦᠨ ᠢᠶᠡᠨ ᠬᠦᠷᠢᠶᠡᠨ ᠳᠦ ᠨᠠᠮ ᠤᠨ ᠳᠣᠲᠣᠭᠠᠳᠤ ᠪᠦᠲᠦᠴᠡ᠂ ᠵᠣᠬᠢᠶᠠᠨ ᠪᠠᠶᠢᠭᠤᠯᠤᠯᠲᠠ ᠶᠢ ᠥᠭᠡᠷᠡᠴᠢᠯᠡᠬᠦ᠂ ᠰᠢᠨ᠎ᠡ ᠪᠦᠲᠦᠴᠡ ᠶᠢ ᠲᠠᠨᠢᠯᠴᠠᠭᠤᠯᠬᠤ ᠵᠡᠷᠭᠡ ᠠᠰᠠᠭᠤᠳᠠᠯ ᠢ ᠬᠡᠯᠡᠯᠴᠡᠬᠦ ᠪᠡᠷ ᠤᠷᠢᠳᠴᠢᠯᠠᠨ ᠲᠥᠯᠥᠪᠯᠡᠵᠦ ᠪᠠᠶᠢᠭ᠎ᠠ ᠭᠡᠨ᠎ᠡ᠃
ᠦᠨᠳᠦᠰᠦᠨ ᠳᠦ ᠪᠡᠨ ᠨᠠᠮ ᠤᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ᠂ ᠳᠡᠳ᠋ ᠳᠠᠷᠤᠭ᠎ᠠ ᠨᠠᠷ ᠢ ᠰᠣᠩᠭᠣᠵᠤ᠂ ᠰᠣᠩᠭᠣᠭᠤᠯᠢ ᠶᠢᠨ ᠡᠮᠦᠨᠡᠬᠢ ᠬᠠᠷ᠎ᠠ ᠵᠢᠷᠤᠭ ᠢᠶᠠᠨ ᠭᠠᠷᠭᠠᠬᠤ ᠪᠠᠷ ᠵᠡᠬᠡᠵᠦ ᠪᠠᠶᠢᠭ᠎ᠠ ᠪᠣᠯᠤᠯᠲᠠᠢ᠃ ᠳᠠᠰᠢᠷᠠᠮ ᠳᠤ ᠳᠤᠭᠤᠯᠭᠠᠬᠤ ᠳᠤ ᠠᠷᠠᠳᠴᠢᠯᠠᠭᠰᠠᠨ ᠨᠠᠮ ᠤᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠳᠦ ᠴ ∙ ᠥᠨᠢᠷᠪᠠᠶᠠᠷ᠂ ᠽ ∙ ᠨᠠᠷᠠᠨᠲᠤᠶᠠᠭ᠎ᠠ᠂ ᠬ ∙ ᠲᠡᠮᠦᠵᠢᠨ ᠨᠠᠷ ᠤᠨ ᠨᠡᠷᠡᠰ ᠬᠡᠪᠯᠡᠯ ᠢᠶᠡᠷ ᠳᠤᠭᠤᠯᠳᠠᠵᠤ ᠪᠠᠶᠢᠨ᠎ᠠ᠃