ᠡᠨᠡ ᠣᠨ ᠤ ᠵᠢᠷᠭᠤᠳᠤᠭᠠᠷ ᠰᠠᠷ᠎ᠠ ᠳᠤ ᠮᠣᠩᠭᠣᠯ᠂ ᠠᠮᠧᠷᠢᠺᠠ ᠠᠰᠢᠭᠲᠤ ᠮᠠᠯᠲᠠᠮᠠᠯ ᠤᠨ ᠴᠢᠭᠯᠡᠯ ᠢᠶᠡᠷ ᠬᠠᠮᠲᠤᠷᠠᠨ ᠠᠵᠢᠯᠯᠠᠬᠤ ᠰᠠᠨᠠᠮᠵᠢ ᠪᠢᠴᠢᠭ ᠪᠠᠶᠢᠭᠤᠯᠤᠭᠰᠠᠨ ᠨᠢ ᠬᠢᠲᠠᠳ ᠤᠨ ᠭᠠᠵᠠᠷ ᠤᠨ ᠬᠣᠪᠣᠷ ᠡᠯᠧᠮᠧᠨᠲ ᠦᠨ ᠰᠠᠯᠪᠤᠷᠢ ᠳᠤ ᠰᠥᠷᠭᠦ ᠪᠡᠷ ᠨᠥᠯᠦᠭᠡᠯᠡᠨ᠎ᠡ ᠬᠡᠮᠡᠨ ᠵᠠᠷᠢᠮ ᠬᠦᠮᠦᠰ ᠦᠵᠡᠵᠦ ᠪᠠᠶᠢᠪᠠ᠃ ᠬᠠᠷᠢᠨ ᠬᠢᠲᠠᠳ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠰᠤᠳᠤᠯᠤᠭᠠᠴᠢ ᠡᠨᠡ ᠨᠢ ᠣᠭᠲᠣ ᠦᠨᠳᠦᠰᠦᠯᠡᠯ ᠦᠭᠡᠢ ᠵᠦᠢᠯ ᠭᠡᠵᠦ ᠦᠵᠡᠵᠦ ᠪᠠᠶᠢᠭ᠎ᠠ ᠠᠵᠠᠢ᠃
ᠨᠢᠭᠡᠳᠦᠭᠡᠷ ᠲᠦ ᠭᠠᠵᠠᠷ ᠤᠨ ᠬᠣᠪᠣᠷ ᠡᠯᠧᠮᠧᠨᠲ ᠨᠢ ᠬᠢᠵᠠᠭᠠᠷᠯᠠᠭᠳᠠᠮᠠᠯ ᠵᠦᠢᠯ ᠪᠢᠰᠢ᠃ ᠠᠮᠧᠷᠢᠺᠠ ᠶᠢᠨ ᠭᠧᠣᠯᠣᠭᠢ ᠶᠢᠨ ᠠᠯᠪᠠᠨ ᠤ ᠮᠡᠳᠡᠭᠡᠯᠡᠭᠰᠡᠨ ᠢᠶᠡᠷ᠂ ᠰᠡᠭᠦᠯ ᠦᠨ ᠵᠢᠯ ᠦᠳ ᠲᠦ ᠳᠡᠯᠡᠬᠡᠢ ᠶᠢᠨ ᠨᠡᠶᠢᠲᠡ ᠭᠠᠵᠠᠷ ᠤᠨ ᠬᠣᠪᠣᠷ ᠡᠯᠧᠮᠧᠨᠲ ᠦᠨ ᠨᠥᠭᠡᠴᠡ 120 ᠰᠠᠶ᠎ᠠ ᠲᠣᠨ ᠢᠶᠠᠷ ᠨᠡᠮᠡᠭᠳᠡᠬᠦ ᠪᠣᠯᠤᠮᠵᠢ ᠲᠠᠢ ᠭᠡᠰᠡᠨ ᠰᠤᠳᠤᠯᠭ᠎ᠠ ᠪᠠᠶᠢᠨ᠎ᠠ᠃ ᠣᠳᠣ ᠪᠠᠷ ᠭᠠᠵᠠᠷ ᠤᠨ ᠬᠣᠪᠣᠷ ᠡᠯᠧᠮᠧᠨᠲ ᠦᠨ 130 ᠰᠠᠶ᠎ᠠ ᠲᠣᠨ ᠣᠷᠴᠢᠮ ᠪᠠᠲᠤᠯᠠᠭᠳᠠᠭᠰᠠᠨ ᠨᠥᠭᠡᠴᠡ ᠪᠠᠶᠢᠭ᠎ᠠ ᠭᠡᠨ᠎ᠡ᠃
2018-2022 ᠣᠨ ᠨᠤᠭᠤᠳ ᠲᠤ ᠭᠠᠵᠠᠷ ᠤᠨ ᠬᠣᠪᠣᠷ ᠡᠯᠧᠮᠧᠨᠲ ᠦᠨ ᠪᠣᠯᠪᠠᠰᠤᠷᠠᠭᠤᠯᠤᠯᠲᠠ ᠡᠷᠴᠢᠮᠲᠡᠢ ᠶᠠᠪᠤᠭᠳᠠᠵᠤ᠂ ᠥᠩᠭᠡᠷᠡᠭᠰᠡᠨ ᠣᠨ ᠳᠤ 300 ᠮᠢᠩᠭᠠᠨ ᠲᠣᠨ ᠡᠯᠧᠮᠧᠨᠲ ᠪᠣᠯᠪᠠᠰᠤᠷᠠᠭᠤᠯᠵᠠᠢ᠃ ᠡᠨᠡ ᠬᠦ ᠲᠣᠭᠠᠴᠠᠭᠠᠯᠠᠯ ᠢᠶᠠᠷ ᠠᠪᠴᠤ ᠦᠵᠡᠬᠦ ᠳᠦ᠂ ᠣᠳᠣ ᠪᠠᠶᠢᠭ᠎ᠠ ᠭᠠᠵᠠᠷ ᠤᠨ ᠬᠣᠪᠣᠷ ᠡᠯᠧᠮᠧᠨᠲ ᠦᠨ ᠨᠥᠭᠡᠴᠡ ᠳᠡᠯᠡᠬᠡᠢ ᠨᠡᠶᠢᠲᠡ ᠶᠢ 400 ᠵᠢᠯ ᠬᠠᠩᠭᠠᠬᠤ ᠪᠣᠯᠤᠮᠵᠢ ᠲᠠᠢ᠃
ᠬᠣᠶᠠᠳᠤᠭᠠᠷ ᠲᠤ᠂ ᠠᠮᠧᠷᠢᠺᠠ ᠶᠢᠨ ᠨᠢᠭᠡᠳᠦᠭᠰᠡᠨ ᠤᠯᠤᠰ ᠨᠢ ᠥᠪᠡᠷ ᠢᠶᠡᠨ ᠬᠢᠲᠠᠳ ᠤᠯᠤᠰ ᠲᠤ ᠭᠠᠵᠠᠷ ᠤᠨ ᠬᠣᠪᠣᠷ ᠡᠯᠧᠮᠧᠨᠲ ᠡᠺᠰᠫᠤᠷᠲᠯᠤᠭᠴᠢ ᠲᠣᠮᠣᠬᠠᠨ ᠤᠯᠤᠰ ᠤᠳ ᠤᠨ ᠨᠢᠭᠡ ᠶᠤᠮ᠃ ᠡᠨᠡ ᠣᠨ ᠤ ᠨᠢᠭᠡᠳᠦᠭᠡᠷ ᠰᠠᠷ᠎ᠠ ᠠᠴᠠ ᠵᠢᠷᠭᠤᠳᠤᠭᠠᠷ ᠰᠠᠷ᠎ᠠ ᠳᠤ ᠬᠢᠲᠠᠳ ᠤᠯᠤᠰ 38 ᠮᠢᠩᠭ᠎ᠠ ᠣᠷᠴᠢᠮ ᠲᠣᠨ ᠭᠠᠵᠠᠷ ᠤᠨ ᠬᠣᠪᠣᠷ ᠡᠯᠧᠮᠧᠨᠲ ᠢᠮᠫᠤᠷᠲᠯᠤᠭᠰᠠᠨ ᠪᠥᠭᠡᠳ ᠡᠭᠦᠨ ᠦ 99 ᠬᠤᠪᠢ ᠶᠢ ᠠᠮᠧᠷᠢᠺᠠ ᠠᠴᠠ ᠣᠷᠣᠭᠤᠯᠵᠤ ᠢᠷᠡᠵᠡᠢ᠃
ᠠᠮᠧᠷᠢᠺᠠ ᠶᠢᠨ ᠨᠢᠭᠡᠳᠦᠭᠰᠡᠨ ᠤᠯᠤᠰ 2.3 ᠰᠠᠶ᠎ᠠ ᠲᠣᠨ ᠬᠣᠪᠣᠷ ᠡᠯᠧᠮᠧᠨᠲ ᠦᠨ ᠨᠥᠭᠡᠴᠡ ᠲᠡᠢ ᠴᠤ ᠲᠤᠰ ᠤᠯᠤᠰ ᠲᠤ ᠪᠣᠯᠪᠠᠰᠤᠷᠠᠭᠤᠯᠤᠯᠲᠠ ᠶᠠᠪᠤᠭᠤᠯᠬᠤ ᠳᠤ ᠥᠨᠳᠥᠷ ᠵᠠᠷᠤᠳᠠᠯ ᠲᠠᠢ ᠪᠠᠶᠢᠳᠠᠭ᠃ ᠬᠢᠲᠠᠳ ᠤᠯᠤᠰ 44 ᠰᠠᠶ᠎ᠠ ᠲᠣᠨ ᠭᠠᠵᠠᠷ ᠤᠨ ᠬᠣᠪᠣᠷ ᠡᠯᠧᠮᠧᠨᠲ ᠦᠨ ᠨᠥᠭᠡᠴᠡ ᠲᠡᠢ ᠪᠡᠷ ᠳᠡᠯᠡᠬᠡᠢ ᠳᠦ ᠨᠢᠭᠡ ᠳᠦ ᠣᠷᠣᠳᠠᠭ᠃ ᠬᠠᠷᠢᠨ ᠮᠣᠩᠭᠣᠯ ᠤᠯᠤᠰ 31 ᠰᠠᠶ᠎ᠠ ᠲᠣᠨ ᠤ ᠨᠥᠭᠡᠴᠡ ᠲᠡᠢ᠃
ᠮᠣᠩᠭᠣᠯ ᠠᠴᠠ ᠠᠮᠧᠷᠢᠺᠠ ᠤᠷᠤᠭᠤ ᠰᠢᠭᠤᠳ ᠶᠡᠬᠡ ᠬᠡᠮᠵᠢᠶᠡᠨ ᠦ ᠭᠠᠵᠠᠷ ᠤᠨ ᠬᠣᠪᠣᠷ ᠡᠯᠧᠮᠧᠨᠲ ᠭᠠᠷᠭᠠᠬᠤ ᠪᠣᠯᠤᠮᠵᠢ ᠦᠭᠡᠢ᠃ ᠤᠴᠢᠷ ᠨᠢ ᠮᠠᠨ ᠤ ᠤᠯᠤᠰ ᠭᠠᠵᠠᠷ ᠤᠨ ᠬᠣᠪᠣᠷ ᠡᠯᠧᠮᠧᠨᠲ ᠢ ᠪᠣᠯᠪᠠᠰᠤᠷᠠᠭᠤᠯᠬᠤ ᠦᠢᠯᠡᠳᠪᠦᠷᠢ᠂ ᠪᠠᠶᠢᠭᠤᠯᠤᠮᠵᠢ ᠪᠠᠢᠬᠤ ᠦᠭᠡᠢ᠃ ᠡᠶᠢᠮᠦ ᠡᠴᠡ ᠵᠥᠪᠬᠡᠨ ᠬᠣᠪᠣᠷ ᠡᠯᠧᠮᠧᠨᠲ ᠡᠴᠡ ᠬᠥᠳᠡᠷ ᠯᠠ ᠡᠺᠰᠫᠤᠷᠲᠯᠤᠬᠤ ᠪᠣᠯᠤᠮᠵᠢ ᠲᠠᠢ᠃