CNN ᠲᠧᠯᠸᠢᠰ ᠦᠨ ᠣᠯᠠᠨ ᠤᠯᠤᠰ ᠤᠨ ᠪᠢᠽᠢᠨᠧᠰ ᠦᠨ ᠰᠡᠳᠬᠦᠯᠴᠢ᠂《Quest Means Business》 ᠨᠡᠪᠲᠡᠷᠡᠭᠦᠯᠭᠡ ᠶᠢᠨ ᠬᠥᠲᠥᠯᠥᠭᠴᠢ ᠷᠢᠴᠠᠷᠳ᠋ ᠺᠸᠧᠰᠲ ᠨᠠᠢ᠌ᠮᠠᠳᠤᠭᠠᠷ ᠰᠠᠷ᠎ᠠ ᠶᠢᠨ 15 ᠳᠦ ᠮᠣᠩᠭᠣᠯ ᠤᠯᠤᠰ ᠲᠤ ᠬᠦᠷᠦᠯᠴᠡᠨ ᠢᠷᠡᠭᠰᠡᠨ᠃ ᠲᠡᠷᠡᠪᠡᠷ 08 ᠰᠠᠷ᠎ᠠ ᠶᠢᠨ19 ᠳᠤ ᠨᠤᠲᠤᠭ ᠪᠤᠴᠠᠬᠤ ᠶᠢᠨ ᠡᠮᠦᠨ᠎ᠡ ᠶᠡᠷᠦᠩᠬᠡᠶᠢᠯᠡᠭᠴᠢ ᠠᠰᠠᠨ ᠴ ∙ᠡᠯᠪᠡᠭᠳᠣᠷᠵᠢ ᠲᠠᠢ ᠠᠭᠤᠯᠵᠠᠭᠰᠠᠨ ᠪᠠᠶᠢᠨ᠎ᠠ᠃
ᠮᠣᠩᠭᠣᠯ ᠤᠯᠤᠰ ᠪᠣᠯ ᠷᠢᠴᠠᠷᠳ᠋ ᠺᠸᠧᠰᠲ ᠤᠨ ᠠᠶᠠᠯᠠᠵᠤ ᠪᠤᠢ 95 ᠳ᠋ᠠᠬᠢ ᠣᠷᠣᠨ ᠶᠤᠮ᠃ 《ᠮᠢᠨᠦ ᠮᠣᠩᠭᠣᠯ ᠳ᠋ᠠᠬᠢ ᠠᠶᠠᠯᠠᠯ ᠠᠯᠳᠠᠷᠲᠤ ᠮᠣᠩᠭᠣᠯ ᠮᠣᠷᠢᠳ ᠤᠨ ᠲᠤᠰᠠᠯᠠᠮᠵᠢ ᠪᠠᠷ ᠦᠷᠭᠦᠯᠵᠢᠯᠡᠵᠦ ᠪᠠᠶᠢᠨ᠎ᠠ᠃ ᠡᠷᠡᠰ ᠲᠡᠰᠦ ᠴᠠᠭ ᠠᠭᠠᠷ ᠲᠤ ᠰᠠᠶᠢᠨ ᠳᠠᠰᠤᠭ᠎ᠠ ᠦᠭᠡᠢ ᠯᠠ ᠪᠠᠶᠢᠨ᠎ᠠ᠃ ᠮᠣᠷᠢ ᠪᠠᠷ ᠡᠳᠦᠷ ᠲᠦ 45 ᠺᠢᠯᠣᠮᠧᠲ᠋ᠷ ᠭᠠᠵᠠᠷ ᠢ ᠲᠤᠭᠤᠯᠬᠤ ᠪᠣᠯᠤᠮᠵᠢ ᠲᠠᠢ ᠶᠤᠮ ᠪᠠᠶᠢᠨ᠎ᠠ ᠭᠡᠵᠦ ᠲᠡᠷᠡ ᠪᠢᠴᠢᠵᠡᠢ᠃
ᠲᠡᠷᠡᠪᠡᠷ ᠮᠣᠩᠭᠣᠯ ᠮᠣᠷᠢᠳ ᠢ 《ᠬᠤᠷᠳᠤ ᠲᠠᠢ᠂ ᠬᠦᠴᠦ ᠲᠡᠢ᠂ ᠳᠡᠯᠡᠬᠡᠢ ᠶᠢᠨ ᠬᠣᠶᠠᠳᠤᠭᠠᠷ ᠳᠠᠶᠢᠨ ᠤ ᠦᠶ᠎ᠡ ᠳᠦ ᠭᠧᠷᠮᠠᠨᠴᠤᠳ ᠤᠨ ᠡᠰᠡᠷᠭᠦ ᠲᠤᠯᠤᠯᠳᠤᠬᠤ ᠳᠤ ᠬᠠᠮᠤᠭ ᠤᠨ ᠰᠢᠯᠢᠳᠡᠭ ᠮᠣᠷᠢᠳ ᠪᠠᠶᠢᠭᠰᠠᠨ》 ᠭᠡᠵᠦ ᠲᠣᠳᠣᠷᠬᠠᠶᠢᠯᠠᠭᠰᠠᠨ᠃ ᠮᠥᠨ ᠲᠡᠷᠡᠪᠡᠷ᠄《ᠵᠠᠮ ᠤᠨ ᠲᠦᠭᠵᠢᠷᠡᠯ ᠠᠶᠤᠮᠰᠢᠭᠲᠠᠢ ᠪᠠᠶᠢᠨ᠎ᠠ᠃ ᠮᠣᠩᠭᠣᠯ ᠤᠯᠤᠰ 3.3 ᠰᠠᠶ᠎ᠠ ᠬᠦᠮᠦᠨ ᠠᠮᠠ ᠲᠠᠢ᠃ ᠪᠥᠭᠥᠳᠡᠭᠡᠷ ᠢᠶᠡᠨ ᠵᠠᠮ ᠳᠡᠭᠡᠷ᠎ᠡ ᠪᠡᠨ ᠭᠠᠷᠤᠭᠠᠳ ᠢᠷᠡᠭᠰᠡᠨ ᠪᠣᠯᠤᠯᠲᠠᠢ》ᠭᠡᠵᠦ ᠵᠢᠷᠭᠢᠵᠦ ᠪᠠᠶᠢᠪᠠ᠃