ᠵᠠᠶᠢᠰᠠᠩ ᠤᠨ ᠲᠡᠮᠦᠷ ᠪᠧᠲ᠋ᠤᠨ ᠭᠦᠭᠦᠷᠭᠡᠨ ᠦ ᠥᠷᠭᠡᠳᠬᠡᠯ᠂ ᠰᠢᠨᠡᠴᠢᠯᠡᠯ ᠦᠨ ᠠᠵᠢᠯ 62 ᠬᠤᠪᠢ᠂ ᠰᠢᠨ᠎ᠡ ᠭᠦᠭᠦᠷᠭᠡᠨ ᠦ ᠠᠵᠢᠯ 98 ᠬᠤᠪᠢ ᠲᠠᠢ᠂ ᠢᠨᠵᠧᠨᠧᠷ ᠦᠨ ᠱᠤᠭᠤᠮ ᠰᠦᠯᠵᠢᠶᠡᠨ ᠦ ᠠᠵᠢᠯ 90 ᠬᠤᠪᠢ ᠲᠠᠢ ᠦᠷᠭᠦᠯᠵᠢᠯᠡᠵᠦ ᠪᠠᠶᠢᠨ᠎ᠠ᠃ ᠲᠤᠰ ᠭᠦᠭᠦᠷᠭᠡ ᠶᠢ ᠨᠠᠢ᠌ᠮᠠᠳᠤᠭᠠᠷ ᠰᠠᠷ᠎ᠠ ᠶᠢᠨ 15 ᠳᠦ ᠨᠡᠭᠡᠭᠡᠬᠦ ᠪᠡᠷ ᠲᠥᠯᠥᠪᠯᠡᠭᠰᠡᠨ ᠪᠣᠯᠪᠠᠴᠤ ᠪᠣᠷᠣᠭ᠎ᠠ ᠣᠷᠣᠵᠤ᠂ ᠲᠤᠤᠯᠠ ᠭᠣᠣᠯ ᠤᠨ ᠤᠰᠤᠨ ᠤ ᠲᠦᠪᠰᠢᠨ ᠨᠡᠮᠡᠭᠳᠡᠭᠰᠡᠨ ᠲᠡᠢ ᠬᠣᠯᠪᠣᠭᠠᠲᠠᠢ ᠪᠠᠷ ᠬᠤᠭᠤᠴᠠᠭ᠎ᠠ ᠠᠯᠳᠠᠵᠠᠢ᠃ ᠮᠥᠨ ᠢᠨᠵᠧᠨᠧᠷ ᠦᠨ ᠱᠤᠭᠤᠮ ᠰᠦᠯᠵᠢᠶᠡᠨ ᠦ ᠰᠤᠪᠠᠭᠴᠢᠯᠠᠯ ᠱᠠᠭᠠᠷᠳᠠᠯᠭ᠎ᠠ ᠬᠠᠩᠭᠠᠬᠤ ᠦᠭᠡᠢ ᠪᠠᠶᠢᠭᠰᠠᠨ ᠨᠢ ᠬᠦᠨᠳᠦᠷᠡᠯ ᠤᠴᠠᠷᠠᠭᠤᠯᠵᠠᠢ᠃
ᠤᠯᠠᠭᠠᠨᠪᠠᠭᠠᠲᠤᠷ ᠬᠣᠲᠠ ᠶᠢᠨ ᠠᠦ᠋ᠲ᠋ᠣ᠋ ᠵᠠᠮ ᠤᠨ ᠲᠦᠭᠵᠢᠷᠡᠯ ᠢ ᠪᠠᠭᠤᠷᠠᠭᠤᠯᠬᠤ ᠨᠢᠭᠡᠳᠦᠭᠰᠡᠨ ᠲᠥᠰᠥᠯ ᠬᠡᠷᠡᠭᠵᠢᠭᠦᠯᠬᠦ ᠨᠢᠭᠡᠴᠡ ᠶᠢᠨ ᠵᠠᠬᠢᠷᠤᠯ ᠴ∙ᠪᠠᠲᠤᠵᠤᠷᠢᠭ᠄ ᠲᠦᠭᠵᠢᠷᠡᠯ ᠢ ᠪᠠᠭᠤᠷᠠᠭᠤᠯᠬᠤ ᠬᠦᠷᠢᠶᠡᠨ ᠳᠦ ᠬᠢᠵᠦ ᠪᠠᠶᠢᠭ᠎ᠠ ᠬᠣᠨᠣᠭ ᠲᠤ 26 ᠮᠢᠩᠭᠠᠨ ᠮᠠᠰᠢᠨ ᠲᠡᠷᠭᠡ ᠨᠡᠪᠲᠡᠷᠡᠭᠦᠯᠬᠦ ᠬᠦᠴᠦᠨ ᠴᠢᠳᠠᠯ ᠲᠠᠢ 225 ᠮᠧᠲ᠋ᠷ ᠤᠷᠲᠤ ᠭᠦᠦᠷ ᠢ ᠨᠠᠢ᠌ᠮᠠᠳᠤᠭᠠᠷ ᠰᠠᠷ᠎ᠠ ᠶᠢᠨ 15 ᠳᠦ ᠠᠰᠢᠭᠯᠠᠯᠲᠠ ᠳᠤ ᠣᠷᠣᠭᠤᠯᠬᠤ ᠪᠠᠷ ᠲᠥᠯᠥᠪᠯᠡᠭᠰᠡᠨ ᠴᠤ ᠪᠣᠷᠣᠭ᠎ᠠ ᠶᠡᠬᠡ ᠣᠷᠣᠵᠤ᠂ ᠦᠶᠡᠷ ᠪᠣᠯᠤᠭᠰᠠᠨ᠂ ᠮᠥᠨ ᠢᠨᠵᠧᠨᠧᠷ ᠦᠨ ᠱᠤᠭᠤᠮ ᠰᠦᠯᠵᠢᠶᠡᠨ ᠦ ᠠᠵᠢᠯ ᠲᠠᠢ ᠬᠣᠯᠪᠣᠭᠠᠲᠠᠢ ᠪᠠᠷ 20 ᠣᠷᠴᠢᠮ ᠬᠣᠨᠣᠭ ᠠᠯᠳᠠᠯ᠎ᠠ᠃ ᠶᠢᠰᠦᠳᠦᠭᠡᠷ ᠰᠠᠷ᠎ᠠ ᠶᠢᠨ 15 ᠳᠦ ᠬᠥᠳᠡᠯᠭᠡᠭᠡᠨ ᠢ ᠨᠡᠭᠡᠭᠡᠨ᠎ᠡ ᠭᠡᠪᠡ᠃