ᠤᠯᠤᠰ ᠤᠨ ᠬᠡᠮᠵᠢᠶᠡᠨ ᠳᠦ ᠡᠨᠡ ᠣᠨ ᠤ ᠡᠬᠢᠨ ᠦ ᠬᠠᠭᠠᠰ ᠵᠢᠯ ᠳᠦ 32805 ᠡᠬᠡ ᠠᠮᠤᠷᠵᠢᠵᠤ᠂ 33004 ᠬᠡᠦᠬᠡᠳ ᠲᠥᠷᠦᠭᠦᠯᠦᠭᠰᠡᠨ ᠨᠢ ᠡᠮᠦᠨᠡᠬᠢ ᠣᠨ ᠤ ᠮᠥᠨ ᠦᠶ᠎ᠡ ᠶᠢᠨ ᠬᠢ ᠡᠴᠡ ᠠᠮᠤᠷᠵᠢᠭᠰᠠᠨ ᠡᠬᠡ ᠶᠢᠨ ᠲᠣᠭ᠎ᠠ 2761 ᠪᠡᠷ᠂ ᠬᠡᠦᠬᠡᠳ ᠦᠨ ᠲᠣᠭ᠎ᠠ 2784 ᠪᠡᠷ ᠪᠤᠶᠤ ᠲᠤᠰ ᠪᠦᠷᠢ 9.2 ᠬᠤᠪᠢ ᠪᠠᠷ ᠥᠰᠴᠠᠢ᠃
ᠮᠢᠩᠭᠠᠨ ᠬᠦᠮᠦᠨ ᠳᠦ ᠨᠣᠭᠳᠠᠬᠤ ᠲᠥᠷᠥᠯ ᠳᠦ ᠡᠮᠦᠨᠡᠬᠢ ᠣᠨ ᠤ ᠮᠥᠨ ᠦᠶ᠎ᠡ ᠶᠢᠨ ᠬᠢ ᠡᠴᠡ 0.7 ᠨᠢᠭᠡᠴᠡ ᠬᠤᠪᠢ ᠪᠠᠷ ᠥᠰᠦᠭᠰᠡᠨ ᠪᠠᠶᠢᠨ᠎ᠠ᠃ ᠮᠢᠩᠭᠠᠨ ᠬᠦᠮᠦᠨ ᠳᠦ ᠨᠣᠭᠳᠠᠬᠤ ᠲᠥᠷᠥᠯ ᠳᠦ ᠨᠡᠶᠢᠰᠯᠡᠯ ᠪᠣᠯᠤᠨ ᠰᠦᠬᠡᠪᠠᠭᠠᠲᠤᠷ᠂ ᠣᠷᠬᠣᠨ᠂ ᠭᠤᠪᠢᠰᠦ᠋ᠮᠪᠤᠷ᠂ ᠬᠣᠪᠳᠣ᠂ ᠤᠪᠰᠤ᠂ ᠪᠠᠶᠠᠨ-ᠥᠯᠥᠭᠡᠢ ᠠᠶᠢᠮᠠᠭ ᠲᠤ ᠤᠯᠤᠰ ᠤᠨ ᠳᠤᠮᠳᠠᠴᠢ ᠠᠴᠠ 0.2-2.3 ᠨᠢᠭᠡᠴᠡ ᠬᠤᠪᠢ ᠪᠠᠷ ᠳᠡᠭᠡᠭᠦᠷ᠂ ᠪᠤᠰᠤᠳ ᠠᠶᠢᠮᠠᠭ ᠲᠤ 0.1-4.7 ᠨᠢᠭᠡᠴᠡ ᠬᠤᠪᠢ ᠪᠠᠷ ᠳᠤᠭᠤᠤᠷ ᠪᠠᠶᠢᠨ᠎ᠠ᠃