ᠠᠽᠢᠶ᠎ᠠ᠂ ᠨᠣᠮᠣᠬᠠᠨ ᠳᠠᠯᠠᠢ ᠶᠢᠨ ᠫᠠᠷᠯᠠᠮᠧᠨᠲᠴᠢᠳ ᠤᠨ ᠳᠤᠯᠤᠳᠤᠭᠠᠷ ᠴᠢᠭᠤᠯᠭᠠᠨ  ᠪᠣᠯᠤᠨ᠎ᠠ | News.MN

ᠠᠽᠢᠶ᠎ᠠ᠂ ᠨᠣᠮᠣᠬᠠᠨ ᠳᠠᠯᠠᠢ ᠶᠢᠨ ᠫᠠᠷᠯᠠᠮᠧᠨᠲᠴᠢᠳ ᠤᠨ ᠳᠤᠯᠤᠳᠤᠭᠠᠷ ᠴᠢᠭᠤᠯᠭᠠᠨ  ᠪᠣᠯᠤᠨ᠎ᠠ

ᠤᠯᠤᠰ ᠤᠨ ᠶᠡᠬᠡ ᠬᠤᠷᠠᠯ᠂ ᠳᠡᠯᠡᠬᠡᠢ ᠶᠢᠨ ᠡᠷᠡᠭᠦᠯ ᠮᠡᠨᠳᠦ ᠶᠢᠨ ᠪᠠᠶᠢᠭᠤᠯᠤᠯᠭ᠎ᠠ᠂ ᠡᠷᠡᠭᠦᠯ ᠮᠡᠨᠳᠦ ᠶᠢᠨ ᠶᠠᠮᠤᠨ ᠬᠠᠮᠲᠤᠷᠠᠨ ᠳᠡᠯᠡᠬᠡᠢ ᠶᠢᠨ ᠡᠷᠡᠭᠦᠯ ᠮᠡᠨᠳᠦ ᠶᠢᠨ ᠠᠰᠠᠭᠤᠳᠠᠯ ᠤᠨ  ᠲᠤᠬᠠᠢ ᠠᠽᠢᠶ᠎ᠠ᠂ ᠨᠣᠮᠣᠬᠠᠨ ᠳᠠᠯᠠᠢ ᠶᠢᠨ ᠣᠷᠣᠨ ᠨᠤᠭᠤᠳ ᠤᠨ ᠫᠠᠷᠯᠠᠮᠧᠨᠲᠴᠢᠳ  ᠤᠨ ᠳᠤᠯᠤᠳᠤᠭᠠᠷ ᠴᠢᠭᠤᠯᠭᠠᠨ ᠢ 《ᠢᠷᠡᠭᠡᠳᠦᠢ ᠶᠢᠨ ᠲᠥᠯᠥᠭᠡ ᠠᠩᠬᠠᠨ ᠱᠠᠲᠤᠨ ᠤ ᠲᠤᠰᠠᠯᠠᠮᠵᠢ ᠦᠢᠯᠡᠴᠢᠯᠡᠭᠡ ᠶᠢ ᠪᠦᠲᠦᠭᠡᠶ᠎ᠡ》ᠰᠡᠳᠦᠪ ᠦᠨ ᠳᠣᠣᠷ᠎ᠠ ᠡᠨᠡ ᠰᠠᠷ᠎ᠠ ᠶᠢᠨ 21-23  ᠳᠦ ᠤᠯᠠᠭᠠᠨᠪᠠᠭᠠᠲᠤᠷ ᠬᠤᠲᠠ ᠳᠤ ᠵᠣᠬᠢᠶᠠᠨ ᠪᠠᠶᠢᠭᠤᠯᠬᠤ ᠭᠡᠵᠦ ᠪᠠᠶᠢᠨ᠎ᠠ᠃
ᠡᠨᠡ ᠬᠦ ᠴᠢᠭᠤᠯᠭᠠᠨ ᠳᠤ  ᠸᠠᠨᠤᠸᠠᠲ᠋ᠤ᠂ ᠸᠢᠶᠧᠲ᠋ᠨᠠᠮ᠂ ᠺᠠᠮᠪᠤᠵᠠ᠂ ᠺᠦᠺ ᠤᠨ ᠠᠷᠠᠯ ᠤᠳ᠂ ᠺᠢᠷᠢᠪᠠᠲ᠂ ᠯᠠᠦ᠋ᠰ᠂ ᠨᠢᠦ᠋ᠸ᠋ᠸ᠂  ᠫᠠᠫᠤᠸᠠ ᠰᠢᠨ᠎ᠡ ᠭᠸᠢᠨᠧᠢ᠂  ᠰᠠᠮᠤᠸᠠ᠂ ᠰᠣᠯᠣᠮᠣᠨ ᠤ ᠠᠷᠠᠯ ᠤᠳ᠂ ᠡᠮᠦᠨᠡᠲᠦ ᠰᠣᠯᠣᠩᠭᠣᠰ᠂  ᠲᠤᠩᠭ᠎ᠠ᠂ ᠲᠤᠸᠠᠯᠤ᠂ ᠹᠢᠵᠢ ᠤᠯᠤᠰ ᠭᠡᠰᠡᠨ 15 ᠣᠷᠣᠨ ᠤ ᠫᠠᠷᠯᠠᠮᠧᠨᠲ ᠤᠨ ᠭᠡᠰᠢᠭᠦᠨ᠂ ᠳᠠᠷᠤᠭ᠎ᠠ᠂ ᠡᠷᠡᠭᠦᠯ ᠮᠡᠨᠳᠦ ᠶᠢᠨ ᠰᠠᠶᠢᠳ ᠪᠣᠯᠤᠨ ᠳᠡᠯᠡᠬᠡᠢ ᠶᠢᠨ ᠡᠷᠡᠭᠦᠯ ᠮᠡᠨᠳᠦ ᠶᠢᠨ ᠪᠠᠶᠢᠭᠤᠯᠤᠯᠭ᠎ᠠ ᠶᠢᠨ ᠲᠦᠯᠦᠭᠡᠯᠡᠯ ᠨᠡᠶᠢᠲᠡ 60 ᠭᠠᠷᠤᠢ ᠲᠥᠯᠥᠭᠡᠯᠡᠭᠴᠢ ᠣᠷᠣᠯᠴᠠᠨ᠎ᠠ᠃

ᠡᠨᠡ ᠬᠦ ᠴᠢᠭᠤᠯᠭᠠᠨ ᠠᠴᠠ ᠤᠯᠤᠰ ᠣᠷᠣᠨ ᠨᠤᠭᠤᠳ ᠤᠨ ᠫᠠᠷᠯᠠᠮᠧᠨᠲᠴᠢᠳ ᠢ ᠡᠷᠡᠭᠦᠯ ᠮᠡᠨᠳᠦ ᠶᠢᠨ ᠣᠳᠣ ᠶᠢᠨ ᠪᠣᠯᠤᠨ ᠢᠷᠡᠭᠡᠳᠦᠢ ᠶᠢᠨ ᠬᠡᠷᠡᠭᠴᠡᠭᠡ ᠶᠢ ᠬᠠᠩᠭᠠᠬᠤ ᠠᠩᠬᠠᠨ ᠱᠠᠲᠤᠨ ᠤ ᠲᠤᠰᠠᠯᠠᠮᠵᠢ ᠦᠢᠯᠡᠴᠢᠯᠡᠭᠡᠨ ᠦ ᠬᠦᠴᠦᠷᠬᠡᠭ ᠲᠣᠭᠲᠠᠯᠴᠠᠭ᠎ᠠ ᠶᠢ ᠪᠤᠢ ᠪᠣᠯᠭᠠᠬᠤ ᠶᠢᠨ ᠲᠥᠯᠥᠭᠡ ᠥᠪᠡᠷᠰᠡᠳ ᠦᠨ ᠪᠣᠯᠤᠮᠵᠢ ᠨᠤᠭᠤᠳ ᠢ ᠪᠦᠷᠢᠨ ᠠᠰᠢᠭᠯᠠᠬᠤ ᠶᠢ ᠤᠷᠢᠶᠠᠯᠠᠭᠰᠠᠨ 《ᠤᠯᠠᠭᠠᠨᠪᠠᠭᠠᠲᠤᠷ ᠤᠨ ᠬᠠᠮᠲᠤᠷᠠᠭᠰᠠᠨ ᠮᠡᠳᠡᠭᠳᠡᠯ》 ᠢ ᠪᠠᠲᠤᠯᠠᠨ ᠭᠠᠷᠭᠠᠨ᠎ᠠ᠃

ᠰᠡᠳᠬᠢᠭᠳᠡᠯ ᠦᠯᠡᠳᠡᠭᠡᠬᠦ