ᠭᠠᠳᠠᠭᠠᠳᠤ ᠬᠠᠷᠢᠯᠴᠠᠭᠠᠨ ᠤ ᠳᠡᠳ᠋ ᠰᠠᠶᠢᠳ ᠭ ∙ᠠᠮᠤᠷᠲᠦ᠋ᠪᠰᠢᠨ ᠬᠣᠯᠪᠣᠭᠠᠨ ᠤ ᠪᠦᠭᠦᠳᠡ ᠨᠠᠶᠢᠷᠠᠮᠳᠠᠬᠤ ᠭᠧᠷᠮᠠᠨ ᠤᠯᠤᠰ ᠠᠴᠠ ᠮᠣᠩᠭᠣᠯ ᠤᠯᠤᠰ ᠲᠤ ᠰᠠᠭᠤᠬᠤ ᠡᠯᠴᠢᠨ ᠰᠠᠶᠢᠳ ᠾᠯᠢᠮᠤᠲ ᠷᠤᠳᠤᠯᠢᠹ ᠺᠦᠯᠢᠲ᠋ᠴ ᠢ 8 ᠳ᠋ᠤᠭᠠᠷ ᠰᠠᠷ᠎ᠠ ᠶᠢᠨ ᠳᠦᠷᠪᠡᠨ ᠳᠦ ᠬᠦᠯᠢᠶᠡᠨ ᠠᠪᠴᠤ ᠠᠭᠤᠯᠵᠠᠬᠤ ᠦᠶ᠎ᠡ ᠳᠦ᠂ ᠡᠯᠴᠢᠨ ᠰᠠᠶᠢᠳ ᠮᠣᠩᠭᠣᠯ ᠤᠯᠤᠰ ᠤᠨ ᠶᠡᠷᠦᠩᠬᠡᠶᠢᠯᠡᠭᠴᠢ ᠳᠦ ᠪᠠᠷᠢᠬᠤ ᠢᠲᠡᠭᠡᠮᠵᠢᠯᠡᠬᠦ ᠵᠢᠭᠤᠬᠤ ᠪᠢᠴᠢᠭ ᠦᠨ ᠬᠠᠭᠤᠯᠪᠤᠷᠢ ᠶᠢ ᠭᠠᠷᠳᠠᠭᠤᠯᠪᠠ᠃
ᠮᠣᠩᠭᠣᠯ᠂ ᠭᠧᠷᠮᠠᠨ ᠤ ᠬᠠᠷᠢᠯᠴᠠᠭ᠎ᠠ ᠢᠵᠢ ᠪᠦᠷᠢᠨ ᠲᠦᠩᠰᠢᠯᠡᠯ ᠦᠨ ᠬᠦᠷᠢᠶᠡᠨ ᠳᠦ ᠡᠷᠴᠢᠮᠲᠡᠢ ᠥᠷᠨᠢᠵᠦ ᠪᠠᠶᠢᠭ᠎ᠠ ᠶᠢ ᠳᠡᠳ᠋ ᠰᠠᠶᠢᠳ ᠭ∙ᠠᠮᠤᠷᠲᠦ᠋ᠪᠰᠢᠨ ᠲᠡᠮᠳᠡᠭᠯᠡᠵᠦ᠂ ᠬᠣᠶᠠᠷ ᠣᠷᠣᠨ ᠤ ᠬᠠᠷᠢᠯᠴᠠᠭᠠᠨ ᠤ ᠲᠦᠪᠰᠢᠨ ᠢ ᠱᠠᠲᠣ ᠠᠬᠢᠭᠤᠯᠬᠤ᠂ ᠢᠷᠡᠬᠦ ᠵᠢᠯ ᠲᠣᠬᠢᠶᠠᠬᠤ ᠳ᠋ᠢᠫᠯᠣᠮᠠᠲ ᠬᠠᠷᠢᠯᠴᠠᠭᠠᠨ ᠤ 50 ᠵᠢᠯ ᠦᠨ ᠣᠢ ᠶᠢ ᠥᠷᠭᠡᠨ ᠬᠦᠷᠢᠶᠡᠨ ᠳᠦ ᠵᠣᠬᠢᠶᠠᠨ ᠪᠠᠶᠢᠭᠤᠯᠵᠤ᠂ ᠳᠡᠭᠡᠳᠦ᠂ ᠥᠨᠳᠥᠷ ᠲᠦᠪᠰᠢᠨ ᠦ ᠬᠠᠷᠢᠯᠴᠠᠨ ᠠᠶᠢᠯᠴᠢᠯᠠᠯ ᠬᠡᠷᠡᠭᠵᠢᠭᠦᠯᠬᠦ ᠶᠢ ᠴᠢᠬᠤᠯᠠᠴᠢᠯᠠᠵᠤ ᠪᠠᠶᠢᠭ᠎ᠠ ᠪᠠᠨ ᠣᠨᠴᠠᠯᠠᠪᠠ᠃
ᠠᠮᠠᠨᠪᠠᠢ 2023-08-09 43.242.243.28
ᠰᠠᠢᠢᠨ ᠪᠠᠢᠢᠨ᠎ᠠ ᠤᠤ᠃ ᠦᠨᠳᠦᠰᠦᠨ ᠦ ᠥᠪ ᠰᠤᠶᠤᠯ ᠵᠢᠠᠨ ᠳᠡᠭᠡᠳᠦᠯᠡᠨ ᠲᠦᠭᠡᠭᠡᠵᠦ ᠪᠠᠢᠢᠭ᠎ᠠ ᠲᠠ ᠪᠦᠬᠦᠨ ᠳᠦ ᠲᠠᠯᠠᠷᠬᠠᠯ ᠢᠯᠡᠷᠬᠡᠢᠢᠯᠡᠢ ᠡ᠃