ᠮᠣᠩᠭᠣᠯ ᠪᠠᠩᠬᠢ ᠬᠢᠲᠠᠳ ᠦᠨ ᠠᠷᠠᠳ ᠤᠨ ᠪᠠᠩᠬᠢ ᠲᠠᠢ《ᠦᠨᠳᠦᠰᠦᠨ ᠦ ᠮᠥᠩᠭᠥᠨ ᠲᠡᠮᠳᠡᠭᠲᠦ ᠰᠤᠯᠢᠯᠴᠠᠬᠤ ᠰᠪᠣᠫ ᠬᠡᠯᠡᠴᠡᠯ ᠦᠨ ᠶᠡᠷᠦᠩᠬᠡᠢ ᠭᠡᠷ᠎ᠡ》ᠪᠠᠶᠢᠭᠤᠯᠤᠭᠰᠠᠨ᠃ ᠡᠨᠡ ᠭᠡᠷ᠎ᠡ ᠬᠣᠶᠠᠷ ᠤᠯᠤᠰ ᠤᠨ ᠬᠤᠳᠠᠯᠳᠤᠭ᠎ᠠ᠂ ᠡᠳ᠋ ᠦᠨ ᠵᠠᠰᠠᠭ ᠤᠨ ᠬᠠᠮᠲᠤ ᠶᠢᠨ ᠠᠵᠢᠯᠯᠠᠭ᠎ᠠ ᠪᠣᠯᠤᠨ ᠰᠠᠩᠬᠦᠦ ᠶᠢᠨ ᠵᠠᠬ᠎ᠠ ᠵᠡᠭᠡᠯᠢ ᠶᠢᠨ ᠲᠣᠭᠲᠠᠪᠤᠷᠢᠲᠠᠢ ᠪᠠᠶᠢᠳᠠᠯ ᠢ ᠳᠡᠮᠵᠢᠬᠦ ᠵᠣᠷᠢᠯᠭ᠎ᠠ ᠲᠠᠢ᠃
ᠲᠦᠪ ᠪᠠᠩᠬᠢ ᠬᠢᠲᠠᠳ ᠦᠨ ᠠᠷᠠᠳ ᠤᠨ ᠪᠠᠩᠬᠢ ᠲᠠᠢ 2018 ᠣᠨ ᠳᠤ ᠰᠪᠣᠫ ᠬᠡᠯᠡᠯᠴᠡᠭᠡ ᠬᠢᠵᠦ᠂ ᠨᠡᠶᠢᠲᠡ 1.7 ᠲᠡᠷᠪᠤᠮ ᠳ᠋ᠣᠯᠯᠠᠷ ᠲᠠᠢ ᠲᠡᠩᠴᠡᠬᠦ ᠬᠡᠮᠵᠢᠶᠡᠨ ᠦ ᠶᠤᠸᠠᠨ ᠢ ᠤᠷᠳᠤ ᠬᠥᠷᠰᠢ ᠶᠢᠨ ᠲᠦᠪ ᠪᠠᠩᠭᠢ ᠠᠴᠠ ᠠᠪᠤᠭᠰᠠᠨ᠃ ᠡᠭᠦᠨ ᠡᠴᠡ ᠬᠣᠶᠢᠰᠢ ᠡᠨᠡ ᠬᠡᠯᠡᠯᠴᠡᠭᠡᠨ ᠦ ᠬᠤᠭᠤᠴᠠᠭ᠎ᠠ ᠶᠢ ᠰᠤᠩᠭᠠᠭᠰᠠᠭᠠᠷ ᠢᠷᠡᠭᠰᠡᠨ ᠪᠦᠭᠡᠳ ᠡᠨᠡ ᠤᠳᠠᠭ᠎ᠠ 15 ᠲᠡᠷᠪᠤᠮ ᠶᠤᠸᠠᠨ ᠪᠤᠶᠤ 7.25 ᠶᠡᠬᠡ ᠨᠠᠶᠤᠳ ᠲᠥᠭᠥᠷᠢᠭ ᠦᠨ ᠰᠪᠣᠫ ᠬᠡᠯᠡᠴᠡᠯ ᠦᠨ ᠶᠡᠷᠦᠩᠬᠡᠢ ᠭᠡᠷ᠎ᠡ ᠶᠢ ᠰᠢᠨᠡᠴᠢᠯᠡᠨ ᠪᠠᠶᠢᠭᠤᠯᠤᠯ᠎ᠠ᠃