︽ᠮᠣᠩᠭᠣᠯ ᠤᠨ ᠢᠷᠭᠡᠨ ᠦ ᠠᠭᠠᠷ ᠤᠨ ᠲᠡᠭᠡᠭᠡᠪᠦᠷᠢ︾ᠺᠣᠮᠫᠠᠨᠢ ᠪᠣᠯᠤᠨ AerCap ᠺᠣᠮᠫᠠᠨᠢ ᠲᠠᠪᠤᠳᠤᠭᠠᠷ ᠰᠠᠷ᠎ᠠ ᠳᠤ 787-9︵Dreamliner︶ᠲᠥᠷᠥᠯ ᠦᠨ ᠬᠣᠶᠠᠷ ᠠᠭᠠᠷ ᠤᠨ ᠬᠥᠯᠭᠡ ᠶᠢ ᠤᠷᠲᠤ ᠬᠤᠭᠤᠴᠠᠭᠠᠨ ᠤ ᠲᠦᠷᠢᠶᠡᠰᠦ ᠪᠡᠷ ᠠᠪᠬᠤ ᠭᠡᠷ᠎ᠡ ᠪᠠᠶᠢᠭᠤᠯᠵᠠᠢ᠃ ᠡᠬᠢᠨ ᠦ 787-9 ᠠᠭᠠᠷ ᠤᠨ ᠬᠥᠯᠥᠭ ᠲᠤᠩ ᠤᠳᠠᠬᠤ ᠦᠭᠡᠢ 《ᠴᠢᠩᠭᠢᠰ ᠬᠠᠭᠠᠨ》 ᠣᠯᠠᠨ ᠤᠯᠤᠰ ᠤᠨ ᠨᠢᠰᠬᠦ ᠪᠠᠭᠤᠳᠠᠯ ᠳᠤ ᠭᠠᠵᠠᠷᠳᠠᠬᠤ ᠭᠡᠵᠦ ᠪᠠᠶᠢᠨ᠎ᠠ᠃
︽ ᠬᠤᠪᠢᠯᠠᠢ ᠬᠠᠭᠠᠨ︾ᠨᠡᠷᠡᠮᠵᠢᠲᠤ ᠬᠤᠶᠠᠳᠠᠬᠢ 787-9 ᠠᠭᠠᠷ ᠤᠨ ᠬᠥᠯᠭᠡ ᠶᠢ 2024 ᠣᠨ ᠤ ᠡᠬᠢᠨ ᠦ ᠤᠯᠠᠷᠢᠯ ᠳᠤ ᠬᠦᠯᠢᠶᠡᠨ ᠠᠪᠬᠤ ᠪᠦᠭᠡᠳ ᠤᠤᠯ ᠤᠩᠭᠤᠴᠠ 292 ᠵᠣᠷᠴᠢᠭᠴᠢ ᠶᠢᠨ ᠰᠠᠭᠤᠳᠠᠯ ᠵᠠᠬᠢᠶᠠᠯᠠᠭᠰᠠᠨ᠃