ᠨᠡᠶᠢᠰᠯᠡᠯ ᠦᠨ ᠠᠶᠠᠯᠠᠯ ᠵᠢᠭᠤᠯᠴᠢᠯᠠᠯ ᠤᠨ ᠭᠠᠵᠠᠷ ᠠᠴᠠ ᠮᠣᠩᠭᠣᠯ ᠤᠨ ᠪᠤᠷᠬᠠᠨ ᠱᠠᠰᠢᠨᠲᠠᠨ ᠤ ᠲᠥᠪ ᠭᠠᠨᠳᠠᠨ ᠳᠡᠭᠴᠢᠯᠡᠨ ᠬᠡᠶᠢᠳ ᠲᠡᠢ ᠬᠠᠮᠲᠤᠷᠠᠨ ᠮᠣᠩᠭᠣᠯᠴᠤᠳ ᠤᠨ ᠥᠪ ᠰᠤᠶᠤᠯ ᠤᠨ《ᠳᠠᠩᠱᠢᠭ ᠨᠠᠭᠠᠳᠤᠮ- ᠬᠦᠷᠢᠶ᠎ᠡ ᠴᠠᠮ 2023》ᠨᠠᠭᠠᠳᠤᠮ ᠢ ᠡᠨᠡ ᠰᠠᠷ᠎ᠠ ᠶᠢᠨ 5-6 ᠳᠦ ᠬᠦᠢ ᠳᠤᠯᠤᠭᠠᠨ ᠬᠤᠳᠳᠤᠭ ᠲᠤ ᠵᠣᠬᠢᠶᠠᠨ ᠪᠠᠶᠢᠭᠤᠯᠬᠤ ᠭᠡᠵᠦ ᠪᠠᠶᠢᠨ᠎ᠠ᠃ ᠡᠭᠦᠨ ᠲᠡᠢ ᠬᠤᠯᠪᠤᠭ᠎ᠠ ᠲᠠᠢ ᠪᠠᠷ ᠮᠣᠩᠭᠣᠯ ᠤᠨ ᠦᠨᠳᠦᠰᠦᠨ ᠦ ᠪᠥᠬᠡ ᠶᠢᠨ ᠲᠡᠷᠢᠭᠦᠨ ᠼ∙ᠮᠠᠭᠠᠯᠵᠠᠪ ᠨᠠᠭᠠᠳᠤᠮ ᠤᠨ ᠲᠠᠯ᠎ᠠ ᠪᠠᠷ ᠮᠡᠳᠡᠭᠡᠯᠡᠯ ᠥᠭᠭᠦᠯ᠎ᠡ᠃
ᠲᠡᠷᠡᠪᠡᠷ᠄ ᠬᠦᠷᠢᠶ᠎ᠡ ᠴᠠᠮ ᠳᠠᠩᠱᠢᠭ ᠨᠠᠭᠠᠳᠤᠮ ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭ᠎ᠠ ᠲᠠᠢ ᠬᠠᠮᠲᠤᠷᠠᠭᠠᠳ ᠮᠣᠩᠭᠣᠯ ᠲᠤᠭᠤᠷᠭᠠᠲᠠᠨ ᠪᠥᠬᠡᠴᠦᠳ ᠦᠨ ᠪᠠᠷᠢᠯᠳᠤᠭᠠᠨ᠂ ᠦᠨᠳᠦᠰᠦᠨ ᠦ ᠪᠥᠬᠡ ᠶᠢᠨ ᠤᠯᠠᠮᠵᠢᠯᠠᠯᠲᠤ ᠪᠠᠷᠢᠯᠳᠤᠭᠠᠨ ᠢ ᠵᠣᠬᠢᠶᠠᠨ ᠪᠠᠶᠢᠭᠤᠯᠬᠤ ᠭᠡᠵᠦ ᠪᠠᠶᠢᠨ᠎ᠠ᠃ ᠡᠨᠡ ᠵᠢᠯ ᠦᠨᠳᠦᠰᠦᠨ ᠦ ᠪᠥᠬᠡ ᠶᠢᠨ 256 ᠪᠥᠬᠡ ᠤᠯᠠᠮᠵᠢᠯᠠᠯ ᠶᠣᠰᠣᠭᠠᠷ ᠰᠤᠭᠤᠯᠤᠭ᠎ᠠ ᠪᠠᠷ ᠪᠠᠷᠢᠯᠳᠤᠨ᠎ᠠ᠃ ᠮᠥᠨ ᠦᠪᠦᠷ ᠮᠤᠩᠭᠤᠯ 64᠂ ᠣᠷᠣᠰ ᠤᠨ ᠪᠤᠷᠢᠶᠠᠳ 64 ᠪᠥᠬᠡ ᠤᠷᠢᠯᠭ᠎ᠠ ᠪᠠᠷ ᠢᠷᠡᠵᠦ ᠪᠠᠷᠢᠯᠳᠤᠨ᠎ᠠ᠃ ᠮᠣᠩᠭᠣᠯ ᠲᠤᠭᠤᠷᠭᠠᠲᠠᠳ ᠢᠶᠠᠨ ᠤᠷᠢᠵᠤ ᠣᠷᠤᠯᠴᠠᠭᠤᠯᠵᠤ᠂ ᠡᠨᠡ ᠤᠳᠠᠭ᠎ᠠ ᠶᠢᠨ ᠳᠠᠩᠱᠢᠭ ᠨᠠᠭᠠᠳᠤᠮ ᠢᠶᠡᠨ ᠤᠯᠠᠮ ᠥᠷᠭᠡᠨ ᠳᠡᠯᠭᠡᠷ ᠪᠣᠯᠭᠠᠬᠤ ᠶᠢ ᠵᠣᠷᠢᠵᠤ ᠠᠵᠢᠯᠯᠠᠵᠤ ᠪᠠᠶᠢᠨ᠎ᠠ᠃ ᠣᠳᠣ ᠪᠠᠷ ᠦᠪᠦᠷ ᠮᠤᠩᠭᠤᠯ ᠤᠨ 18᠂19 ᠪᠥᠬᠡ ᠢᠷᠡᠭᠡᠳ ᠪᠠᠶᠢᠨ᠎ᠠ ᠭᠡᠪᠡ᠃