ᠭᠣᠪᠢ-ᠠᠯᠲᠠᠢ ᠠᠶᠢᠮᠠᠭ ᠤᠨ 100 ᠵᠢᠯ ᠦᠨ ᠣᠢ ᠶᠢᠨ ᠨᠠᠭᠠᠳᠤᠮ ᠤᠨ ᠬᠦᠴᠦᠲᠦ ᠪᠥᠬᠡ ᠶᠢᠨ ᠪᠠᠷᠢᠯᠳᠤᠭᠠᠨ ᠳᠤ ᠤᠯᠤᠰ᠂ ᠠᠶᠢᠮᠠᠭ ᠤᠨ ᠴᠣᠯᠠ ᠲᠠᠢ 256 ᠪᠥᠬᠡ ᠪᠠᠷᠢᠯᠳᠤᠨ᠂ ᠭᠣᠪᠢ -ᠠᠯᠲᠠᠢ ᠠᠶᠢᠮᠠᠭ ᠤᠨ ᠵᠢᠷᠭᠠᠯᠠᠩ ᠰᠤᠮᠤ ᠶᠢᠨ ᠤᠤᠭᠠᠯ᠂ ᠬᠣᠪᠳᠣ ᠠᠶᠢᠮᠠᠭ ᠤᠨ ᠪᠤᠶᠠᠨᠲᠤ ᠰᠤᠮᠤ ᠶᠢᠨ ᠬᠠᠷᠢᠶᠠᠲᠤ ᠤᠯᠤᠰ ᠤᠨ ᠠᠪᠤᠷᠭᠤ ᠣ᠊ ∙ ᠬᠠᠩᠭᠠᠢ ᠲᠦᠷᠦᠭᠦᠯᠡᠵᠦ᠂ ᠤᠯᠤᠰ ᠤᠨ ᠵᠠᠭᠠᠨ ᠪ ∙ ᠪᠠᠲᠤ -ᠥᠯᠵᠡᠢ ᠦᠵᠦᠭᠦᠷᠯᠡᠯ᠎ᠡ᠃
ᠰᠢᠪᠦᠭᠡ ᠶᠢᠨ ᠳᠥᠷᠪᠡ ᠳᠦ ᠤᠯᠤᠰ ᠤᠨ ᠬᠠᠷᠴᠠᠭᠠᠢ ᠪ ∙ ᠼᠧᠳᠡᠩᠰᠣᠳᠨᠠᠮ᠂ ᠤᠯᠤᠰ ᠤᠨ ᠵᠠᠭᠠᠨ ᠳ ∙ ᠠᠨᠠᠷ ᠰᠢᠪᠦᠭᠡᠷᠡᠭᠰᠡᠨ ᠶᠤᠮ᠃
ᠣ᠊ ∙ ᠬᠠᠩᠭᠠᠢ ᠡᠨᠡ ᠵᠢᠯ 100 ᠵᠢᠯ ᠦᠨ ᠣᠢ ᠲᠣᠬᠢᠶᠠᠭᠰᠠᠨ ᠲᠠᠪᠤᠨ ᠠᠶᠢᠮᠠᠭ ᠤᠨ ᠬᠦᠴᠦᠲᠦ ᠪᠥᠬᠡ ᠶᠢᠨ ᠪᠠᠷᠢᠯᠳᠤᠭᠠᠨ ᠤ ᠬᠣᠶᠠᠷ ᠤᠨ ᠬᠢᠨᠢ ᠲᠦᠷᠦᠭᠦᠦ ᠶᠢ ᠠᠪᠤᠯ᠎ᠠ᠃ ᠬᠡᠳᠦᠬᠡᠨ ᠬᠣᠨᠣᠭ ᠤᠨ ᠡᠮᠦᠨ᠎ᠡ ᠬᠡᠨᠲᠡᠢ ᠠᠶᠢᠮᠠᠭ ᠤᠨ 100 ᠵᠢᠯ ᠦᠨ ᠣᠢ ᠶᠢᠨ ᠪᠥᠬᠡ ᠶᠢᠨ ᠪᠠᠷᠢᠯᠳᠤᠭᠠᠨ ᠳᠤ ᠲᠦᠷᠦᠭᠦᠯᠡᠭᠰᠡᠨ ᠪᠢᠯᠡ᠃