ᠭᠠᠵᠠᠷ ᠤᠨ ᠲᠣᠰᠤᠨ ᠤ ᠬᠠᠶᠢᠭᠤᠯ ᠤᠨ ᠨᠢᠯᠭ᠎ᠠ 16᠂ ᠬᠥᠬᠡ ᠨᠠᠭᠤᠷ 18᠂ ᠰᠦᠬᠡᠪᠠᠭᠠᠲᠤᠷ 27 ᠲᠠᠯᠠᠪᠠᠢ ᠨᠤᠭᠤᠳ ᠲᠤ ᠡᠨᠡ ᠰᠠᠷ᠎ᠠ ᠶᠢᠨ 04 ᠡᠴᠡ ᠡᠬᠢᠯᠡᠨ ᠨᠡᠭᠡᠭᠡᠯᠲᠡ ᠲᠡᠢ ᠰᠣᠩᠭᠣᠨ ᠰᠢᠯᠭᠠᠷᠠᠭᠤᠯᠤᠯᠲᠠ ᠵᠠᠷᠯᠠᠵᠠᠢ᠃ ᠬᠠᠶᠢᠭᠤᠯ ᠤᠨ ᠲᠠᠯᠠᠪᠠᠢ ᠶᠢᠨ ᠵᠠᠬᠢᠶᠠᠯᠠᠭ᠎ᠠ ᠬᠦᠯᠢᠶᠡᠨ ᠠᠪᠬᠤ ᠬᠤᠭᠤᠴᠠᠭ᠎ᠠ 60 ᠬᠦᠷᠲᠡᠯ᠎ᠡ ᠬᠣᠨᠣᠭ᠃
ᠬᠠᠶᠢᠭᠤᠯ ᠤᠨ ᠲᠠᠯᠠᠪᠠᠢ ᠳᠤ ᠡᠬᠢᠨ ᠦ ᠵᠠᠬᠢᠶᠠᠯᠠᠭ᠎ᠠ ᠬᠦᠯᠢᠶᠡᠨ ᠠᠪᠤᠭᠰᠠᠨ ᠡᠳᠦᠷ ᠡᠴᠡ ᠬᠣᠶᠢᠰᠢ ᠲᠠᠪᠤ ᠬᠣᠨᠣᠭ ᠤᠨ ᠳᠣᠲᠣᠷ᠎ᠠ ᠵᠠᠬᠢᠶᠠᠯᠠᠭ᠎ᠠ ᠬᠦᠯᠢᠶᠡᠨ ᠠᠪᠬᠤ ᠡᠴᠦᠰ ᠦᠨ ᠬᠤᠭᠤᠴᠠᠭ᠎ᠠ ᠶᠢ ᠲᠥᠷᠥ ᠶᠢᠨ ᠵᠠᠬᠢᠷᠭᠠᠨ ᠤ ᠪᠠᠶᠢᠭᠤᠯᠤᠯᠭ᠎ᠠ ᠵᠠᠷᠯᠠᠨ᠎ᠠ᠃ ᠡᠶᠢᠮᠦ ᠳᠦ ᠰᠣᠨᠢᠷᠬᠠᠭᠰᠠᠨ ᠠᠵᠤ ᠠᠬᠤᠢ ᠶᠢᠨ ᠨᠢᠭᠡᠴᠡ᠂ ᠬᠠᠤᠯᠢ ᠶᠢᠨ ᠡᠲᠡᠭᠡᠳ ᠲᠠ ᠪᠦᠬᠦᠨ ᠢ ᠤᠷᠢᠵᠤ ᠪᠠᠶᠢᠨ᠎ᠠ᠃
ᠰᠣᠩᠭᠣᠨ ᠰᠢᠯᠭᠠᠷᠠᠭᠤᠯᠤᠯᠲᠠ ᠳᠤ ᠣᠷᠣᠯᠴᠠᠬᠤ ᠳᠤ ᠪᠠᠨ ᠰᠣᠨᠢᠷᠬᠠᠭᠰᠠᠨ ᠲᠠᠯᠠᠪᠠᠢ ᠶᠢᠨ ᠰᠣᠩᠭᠣᠨ ᠰᠢᠯᠭᠠᠷᠠᠭᠤᠯᠤᠯᠲᠠ ᠶᠢᠨ ᠪᠠᠭᠴᠠ ᠮᠠᠲ᠋ᠧᠷᠢᠶᠠᠯ ᠢ ᠬᠤᠳᠠᠯᠳᠤᠨ ᠠᠪᠴᠤ᠂ ᠲᠡᠭᠦᠨ ᠦ ᠳᠠᠷᠠᠭ᠎ᠠ ︽ᠭᠠᠵᠠᠷ ᠤᠨ ᠲᠣᠰᠤᠨ ᠤ ᠲᠤᠬᠠᠢ︾ ᠬᠠᠤᠯᠢ ᠶᠢᠨ 20 ᠳ᠋ᠤᠭᠠᠷ ᠵᠦᠢᠯ ᠦᠨ 20.2 ᠳᠠᠬᠢ ᠬᠡᠰᠡᠭ ᠲᠦ ᠵᠢᠭᠠᠭᠰᠠᠨ ᠪᠢᠴᠢᠭ ᠪᠠᠷᠢᠮᠲᠠ ᠶᠢ ᠪᠦᠷᠢᠳᠦᠭᠦᠯᠦᠨ ᠵᠠᠬᠢᠶᠠᠯᠠᠭ᠎ᠠ ᠶᠢᠨ ᠮᠠᠲ᠋ᠧᠷᠢᠶᠠᠯ ᠢᠷᠡᠭᠦᠯᠦᠨ᠎ᠡ᠃