ᠪ᠂  ᠪᠠᠲᠤᠡᠷᠳᠡᠨᠢ ᠬᠡᠨᠲᠡᠢ ᠠᠶᠢᠮᠠᠭ ᠤᠨ ᠨᠠᠭᠠᠳᠤᠮ ᠳᠡᠭᠡᠷ᠎ᠡ ᠵᠣᠳᠣᠭ ᠲᠠᠶᠢᠯᠤᠯ᠎ᠠ | News.MN

ᠪ᠂  ᠪᠠᠲᠤᠡᠷᠳᠡᠨᠢ ᠬᠡᠨᠲᠡᠢ ᠠᠶᠢᠮᠠᠭ ᠤᠨ ᠨᠠᠭᠠᠳᠤᠮ ᠳᠡᠭᠡᠷ᠎ᠡ ᠵᠣᠳᠣᠭ ᠲᠠᠶᠢᠯᠤᠯ᠎ᠠ

ᠬᠡᠨᠲᠡᠢ ᠠᠶᠢᠮᠠᠭ ᠤᠨ ᠡᠮᠦᠨᠡᠳᠡᠯᠭᠡᠷ ᠰᠤᠮᠤ ᠶᠢᠨ ᠬᠠᠷᠢᠶᠠᠲᠤ᠂ ᠮᠣᠩᠭᠣᠯ ᠤᠨ ᠦᠨᠳᠦᠰᠦᠨ ᠦ ᠪᠥᠬᠡ ᠶᠢᠨ ᠳᠠᠷᠬᠠᠨ ᠠᠪᠤᠷᠭᠤ᠂ ᠲᠥᠷᠥ ᠶᠢᠨ ᠶᠡᠬᠡ ᠨᠠᠭᠠᠳᠤᠮ ᠳᠤ ᠬᠠᠮᠤᠭ ᠤᠨ ᠣᠯᠠᠨ ᠪᠤᠶᠤ 12 ᠤᠳᠠᠭ᠎ᠠ ᠲᠦᠷᠦᠭᠦᠯᠡᠭᠰᠡᠨ ᠳᠣᠮᠣᠭᠲᠤ ᠪᠥᠬᠡ᠂ ᠬᠥᠳᠡᠯᠮᠦᠷᠢ ᠶᠢᠨ ᠪᠠᠭᠠᠲᠤᠷ ᠪᠠᠳᠮᠠᠨᠢᠩᠪᠤᠤ ᠶᠢᠨ ᠪᠠᠲᠤᠡᠷᠳᠡᠨᠢ ᠬᠡᠨᠲᠡᠢ ᠠᠶᠢᠮᠠᠭ ᠤᠨ 100 ᠵᠢᠯ ᠦᠨ ᠣᠢ ᠶᠢᠨ ᠨᠠᠭᠠᠳᠤᠮ ᠤᠨ ᠦᠶ᠎ᠡ ᠪᠡᠷ ᠵᠣᠳᠣᠭ ᠲᠠᠶᠢᠯᠤᠯ᠎ᠠ᠃
ᠲᠡᠷᠡᠪᠡᠷ ᠄ ᠪᠢ ᠠᠩᠬ᠎ᠠ 13 ᠨᠠᠰᠤᠲᠠᠢ ᠵᠣᠳᠣᠭ ᠱᠤᠳᠠᠭ ᠡᠮᠦᠰᠦᠭᠰᠡᠨ ᠡᠴᠡ ᠬᠣᠶᠢᠰᠢ 46 ᠵᠢᠯ ᠮᠣᠩᠭᠣᠯ ᠪᠥᠬᠡ ᠭᠡᠳᠡᠭ ᠶᠡᠬᠡ ᠥᠪ ᠰᠤᠶᠤᠯ ᠤᠨ ᠶᠢᠷᠲᠢᠨᠴᠦ ᠳᠦ ᠬᠠᠮᠤᠭ ᠤᠨ ᠳᠡᠭᠡᠳᠦ ᠴᠣᠯᠠ ᠳᠠᠷᠬᠠᠨ ᠠᠪᠤᠷᠭᠤ ᠴᠣᠯᠠ ᠶᠢ ᠨᠢ ᠬᠦᠷᠲᠡᠬᠦ ᠬᠦᠷᠲᠡᠯ᠎ᠡ ᠶᠠᠪᠤᠯ᠎ᠠ᠃ ᠥᠨᠥᠳᠥᠷ ᠮᠣᠩᠭᠣᠯ ᠪᠥᠬᠡ ᠶᠢᠨ ᠤᠯᠠᠮᠵᠢᠯᠠᠯ ᠤᠨ ᠳᠠᠭᠠᠤ ᠵᠣᠳᠣᠭ ᠢᠶᠠᠨ ᠲᠠᠶᠢᠯᠵᠤ᠂ 《ᠬᠠᠨ ᠬᠡᠨᠲᠡᠢ ᠠᠪᠤᠷᠭᠤ》 ᠳᠡᠪᠵᠢᠶᠡᠨ ᠳᠦ ᠬᠠᠳᠠᠭᠠᠯᠠᠭᠤᠯᠵᠤ ᠪᠠᠶᠢᠨ᠎ᠠ᠃ ᠬᠠᠨ ᠬᠡᠨᠲᠡᠢ ᠨᠤᠲᠤᠭ ᠠᠴᠠ ᠮᠣᠩᠭᠣᠯ ᠪᠥᠬᠡ ᠶᠢᠨ ᠣᠯᠠᠨ ᠰᠠᠶᠢᠬᠠᠨ ᠠᠪᠤᠷᠭᠤ᠂ ᠠᠷᠰᠯᠠᠨ ᠲᠡᠷᠢᠭᠦᠲᠡᠢ ᠬᠦᠴᠦᠲᠦ ᠪᠥᠬᠡᠴᠦᠳ ᠲᠥᠷᠥᠨ ᠭᠠᠷᠤᠭᠰᠠᠨ᠃ ᠴᠢᠨᠠᠭᠰᠢᠳᠠ ᠴᠤ ᠡᠨᠡ ᠨᠤᠲᠤᠭ ᠠᠴᠠ ᠣᠯᠠᠨ ᠰᠠᠶᠢᠨ ᠪᠥᠬᠡ ᠲᠥᠷᠥᠬᠦ ᠪᠣᠯᠲᠤᠭᠠᠢ ᠬᠡᠮᠡᠨ ᠢᠷᠦᠭᠡᠵᠦ ᠪᠠᠶᠢᠨ᠎ᠠ ᠭᠡᠰᠡᠨ ᠶᠤᠮ᠃

ᠰᠡᠳᠬᠢᠭᠳᠡᠯ ᠦᠯᠡᠳᠡᠭᠡᠬᠦ