ᠪᠢᠷᠮᠠ ᠶᠢᠨ ᠴᠡᠷᠢᠭ ᠦᠨ ᠡᠷᠬᠡᠲᠡᠳ ᠲᠤᠰ ᠤᠯᠤᠰ ᠤᠨ ᠲᠥᠷᠥ ᠶᠢᠨ ᠵᠦᠪᠯᠡᠬᠦ ᠠᠰᠠᠨ᠂ ᠨᠣᠪᠧᠯ ᠤᠨ ᠱᠠᠩᠨᠠᠯᠳᠤ ᠠᠨ ᠰᠠᠨ ᠰᠤ ᠴᠢ ᠶᠢ ᠱᠣᠷᠣᠩ ᠠᠴᠠ ᠵᠠᠰᠠᠭ ᠤᠨ ᠭᠠᠵᠠᠷ ᠤᠨ ᠪᠠᠶᠢᠷᠢ ᠨᠤᠭᠤᠳ ᠤᠨ ᠨᠢᠭᠡ ᠳᠦ ᠰᠢᠯᠵᠢᠭᠦᠯᠦᠭᠰᠡᠨ ᠲᠤᠬᠠᠢ 《AFP》 ᠠᠭᠧᠨᠲᠯᠢᠭ 《ᠠᠷᠠᠳᠴᠢᠯᠠᠯ ᠤᠨ ᠲᠥᠯᠥᠭᠡ ᠦᠨᠳᠦᠰᠦᠨ ᠦ ᠬᠣᠯᠪᠣᠭ᠎ᠠ》ᠨᠠᠮ ᠤᠨ ᠡᠬᠢ ᠰᠤᠷᠪᠤᠯᠵᠢ ᠠᠴᠠ ᠡᠰᠢ ᠲᠠᠲᠠᠨ ᠮᠡᠳᠡᠭᠡᠯᠡᠵᠡᠢ᠃
ᠠᠨ ᠰᠠᠨ ᠰᠤ ᠴᠢ ᠫᠠᠷᠯᠠᠮᠧᠨᠲ ᠤᠨ ᠳᠠᠷᠤᠭ᠎ᠠ ᠲᠧᠺᠾᠤᠨ ᠮᠠᠶᠠ ᠲᠠᠢ ᠠᠭᠤᠯᠵᠠᠭᠰᠠᠨ ᠠᠴᠠ ᠭᠠᠳᠠᠨ᠎ᠠ᠂ ᠲᠤᠰ ᠤᠯᠤᠰ ᠲᠤ ᠠᠶᠢᠯᠴᠢᠯᠠᠯ ᠬᠢᠵᠦ ᠪᠠᠶᠢᠭ᠎ᠠ ᠬᠢᠲᠠᠳ ᠤᠨ ᠠᠽᠢᠶ᠎ᠠ ᠶᠢᠨ ᠠᠰᠠᠭᠤᠳᠠᠯ ᠬᠠᠷᠢᠭᠤᠴᠠᠭᠰᠠᠨ ᠲᠤᠰᠬᠠᠢ ᠡᠯᠴᠢ ᠳ᠋ᠧᠩ ᠰᠢ ᠵᠤᠩ ᠲᠡᠢ ᠠᠭᠤᠯᠵᠠᠬᠤ ᠪᠣᠯᠤᠯᠲᠠᠢ᠃
2021 ᠣᠨ ᠤ ᠬᠣᠶᠠᠳᠤᠭᠠᠷ ᠰᠠᠷ᠎ᠠ ᠳᠤ ᠪᠢᠷᠮᠠ ᠶᠢᠨ ᠴᠡᠷᠢᠭ ᠦᠨ ᠬᠢᠨ ᠲᠥᠷᠥ ᠶᠢᠨ ᠡᠷᠭᠢᠯᠲᠡ ᠬᠢᠵᠦ᠂ ᠫᠠᠷᠯᠠᠮᠧᠨᠲ ᠤᠨ ᠰᠣᠩᠭᠣᠭᠤᠯᠢ ᠳᠤ ᠢᠯᠠᠭᠰᠠᠨ ᠠᠨ ᠰᠠᠨ ᠰᠤ ᠴᠢ ᠲᠡᠷᠢᠭᠦᠲᠡᠢ ᠡᠷᠬᠡ ᠪᠠᠷᠢᠭᠴᠢ ᠨᠠᠮ ᠤᠨ ᠤᠳᠤᠷᠢᠳᠤᠯᠭ᠎ᠠ ᠨᠠᠷ ᠢ ᠪᠠᠷᠢᠪᠴᠢᠯᠠᠵᠤ ᠬᠣᠷᠢᠭᠰᠠᠨ ᠪᠢᠯᠡ᠃