ᠹᠷᠠᠨᠼᠢ᠂ ᠶᠠᠫᠣᠨ ᠤ ᠨᠢᠰᠬᠦ ᠬᠦᠴᠦᠨ ᠨᠦᠭᠦᠳ ᠠᠩᠬ᠎ᠠ ᠤᠳᠠᠭ᠎ᠠ ᠬᠠᠮᠲᠤᠷᠠᠭᠰᠠᠨ ᠴᠡᠷᠢᠭ ᠦᠨ ᠰᠤᠷᠭᠠᠭᠤᠯᠢᠯᠠᠯᠲᠠ ᠶᠢ ᠨᠣᠮᠣᠬᠠᠨ ᠳᠠᠯᠠᠢ ᠳᠤ ᠡᠬᠢᠯᠡᠭᠦᠯᠦᠯ᠎ᠡ᠃《ᠹᠷᠠᠨᠼᠢ ᠪᠣᠯᠤᠨ ᠮᠠᠨ ᠤ ᠤᠯᠤᠰ ᠢᠵᠢᠯ ᠹᠢᠯᠣᠰᠣᠹᠢ ᠪᠠᠷᠢᠳᠠᠭ ᠣᠨᠴᠠᠭᠠᠢ ᠲᠦᠩᠰᠢ ᠪᠥᠭᠡᠳ ᠲᠡᠳᠡ ᠰᠥᠨᠥᠭᠡᠭᠴᠢ ᠣᠩᠭᠣᠴᠠ ᠨᠤᠭᠤᠳ ᠢᠶᠠᠨ ᠢᠯᠡᠭᠡᠵᠦ ᠪᠠᠶᠢᠭ᠎ᠠ ᠨᠢ ᠡᠨᠡᠳᠬᠡᠭ-ᠨᠣᠮᠣᠬᠠᠨ ᠳᠠᠯᠠᠢ ᠶᠢᠨ ᠪᠥᠰᠡ ᠨᠤᠲᠤᠭ ᠲᠤ ᠲᠤᠤᠱᠲᠠᠢ ᠪᠠᠶᠢᠭ᠎ᠠ ᠪᠠᠨ ᠬᠠᠷᠠᠭᠤᠯᠵᠤ ᠪᠠᠶᠢᠨ᠎ᠠ》ᠭᠡᠵᠦ ᠶᠠᠫᠣᠨ ᠤ ᠠᠭᠠᠷ ᠤᠨ ᠥᠪᠡᠷ ᠢ ᠪᠡᠨ ᠬᠠᠮᠠᠭᠠᠯᠠᠬᠤ ᠬᠦᠴᠦᠨ ᠦ ᠱᠲ᠋ᠠᠪ ᠤᠨ ᠬᠢᠨ ᠮᠡᠳᠡᠭᠳᠡᠪᠡ᠃
ᠪᠢᠮᠪᠠ ᠭᠠᠷᠠᠭ ᠬᠦᠷᠲᠡᠯ᠎ᠡ ᠦᠷᠭᠦᠯᠵᠢᠯᠡᠬᠦ ᠰᠤᠷᠭᠠᠭᠤᠯᠢᠯᠠᠯᠲᠠ ᠳᠤ ᠶᠠᠫᠣᠨ ᠤ ᠲᠠᠯ᠎ᠠ ᠠᠴᠠ ᠭᠤᠷᠪᠠᠨ ᠰᠢᠷᠬᠡᠭ F-15᠂ ᠬᠣᠶᠠᠷ F-2 ᠰᠥᠨᠥᠭᠡᠭᠴᠢ ᠣᠩᠭᠣᠴᠠᠨ ᠨᠤᠭᠤᠳ ᠢᠶᠠᠷ ᠣᠷᠣᠯᠴᠠᠵᠤ ᠪᠠᠶᠢᠭ᠎ᠠ ᠪᠣᠯ ᠹᠷᠠᠨᠼᠢ ᠬᠣᠶᠠᠷ ᠰᠢᠷᠬᠡᠭ《ᠷᠠᠹᠠᠯᠧ》ᠰᠥᠨᠥᠭᠡᠭᠴᠢ ᠣᠩᠭᠣᠴᠠ ᠪᠠᠨ ᠢᠯᠡᠭᠡᠵᠡᠢ᠃ ᠡᠨᠡᠬᠦ ᠰᠤᠷᠭᠠᠭᠤᠯᠢᠯᠠᠯᠲᠠ ᠨᠢ ᠥᠩᠭᠡᠷᠡᠭᠰᠡᠨ ᠵᠢᠯ ᠶᠠᠫᠣᠨ᠂ ᠭᠧᠷᠮᠠᠨ᠂ ᠡᠨᠡᠳᠬᠡᠭ ᠲᠡᠢ ᠬᠢᠭᠰᠡᠨ ᠢᠵᠢᠯ ᠲᠥᠰᠲᠡᠢ ᠶᠤᠮ᠃ ᠡᠭᠦᠨ ᠦ ᠳᠠᠷᠠᠭ᠎ᠠ ᠶᠠᠫᠣᠨ ᠤᠯᠤᠰ ᠠᠴᠠ ᠢᠲ᠋ᠠᠯᠢ᠂ ᠠᠦᠢᠰᠲᠷᠠᠯᠢᠶ᠎ᠠ ᠶᠢᠨ ᠲᠠᠯ᠎ᠠ ᠲᠠᠢ ᠬᠠᠮᠲᠤᠷᠠᠨ ᠴᠡᠷᠢᠭ ᠦᠨ ᠰᠤᠷᠭᠠᠭᠤᠯᠢᠯᠠᠯᠲᠠ ᠬᠢᠬᠦ ᠪᠡᠷ ᠲᠥᠯᠥᠪᠯᠡᠵᠦ ᠪᠠᠶᠢᠨ᠎ᠠ᠃