ᠤ᠊ ∙ ᠬᠦᠷᠡᠯᠰᠦ᠋ᠬᠡ ᠦᠨᠳᠦᠰᠦᠨ ᠦ ᠶᠡᠬᠡ ᠪᠠᠶᠠᠷ ᠨᠠᠭᠠᠳᠤᠮ ᠢ ᠬᠠᠭᠠᠯ᠎ᠠ | News.MN

ᠤ᠊ ∙ ᠬᠦᠷᠡᠯᠰᠦ᠋ᠬᠡ ᠦᠨᠳᠦᠰᠦᠨ ᠦ ᠶᠡᠬᠡ ᠪᠠᠶᠠᠷ ᠨᠠᠭᠠᠳᠤᠮ ᠢ ᠬᠠᠭᠠᠯ᠎ᠠ

ᠮᠣᠩᠭᠣᠯ ᠤᠯᠤᠰ ᠤᠨ ᠶᠡᠷᠦᠩᠬᠡᠶᠢᠯᠡᠭᠴᠢ ᠤᠬᠤᠨ᠎ᠠ ᠶᠢᠨ ᠬᠦᠷᠡᠯᠰᠦ᠋ᠬᠡ ᠲᠤᠯᠭᠤᠷ ᠲᠥᠷᠥ ᠶᠢᠨ 2232 ᠵᠢᠯ᠂ ᠶᠡᠬᠡ ᠮᠣᠩᠭᠣᠯ ᠤᠯᠤᠰ ᠤᠨ 817 ᠵᠢᠯ᠂ ᠦᠨᠳᠦᠰᠦᠨ ᠦ ᠡᠷᠬᠡ ᠴᠢᠯᠦᠭᠡ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 112 ᠵᠢᠯ᠂ ᠠᠷᠠᠳ ᠤᠨ ᠬᠤᠪᠢᠰᠬᠠᠯ ᠤᠨ 102 ᠵᠢᠯ ᠦᠨ ᠣᠢ᠂ ᠦᠨᠳᠦᠰᠦᠨ ᠦ ᠶᠡᠬᠡ ᠪᠠᠶᠠᠷ ᠨᠠᠭᠠᠳᠤᠮ ᠢ ᠬᠠᠭᠠᠵᠤ ᠦᠭᠡ ᠬᠡᠯᠡᠯ᠎ᠡ᠃
ᠮᠠᠨ ᠤ ᠤᠯᠤᠰ ᠤᠨ ᠠᠷᠠᠳ ᠢᠷᠭᠡᠳ ᠡ᠂ ᠡᠷᠬᠢᠮ ᠬᠦᠨᠳᠦᠲᠦ ᠵᠣᠴᠢᠳ ᠠ᠋᠂ ᠡᠷᠬᠢᠮ ᠬᠦᠨᠳᠦᠲᠦ ᠨᠠᠭᠠᠳᠤᠮᠴᠢᠳ ᠡ᠂ ᠮᠣᠩᠭᠣᠯᠴᠤᠳ ᠪᠢᠳᠡ ᠦᠨᠳᠦᠰᠦᠨ ᠦ ᠶᠡᠬᠡ ᠪᠠᠬᠠᠷᠬᠠᠯ᠂ ᠥᠪ ᠰᠤᠶᠤᠯ ᠤᠨ ᠣᠬᠢ᠂ ᠲᠥᠷᠥᠳᠦ ᠶᠣᠰᠣᠨ ᠤ ᠪᠡᠯᠭᠡᠳᠡᠯ᠂ ᠲᠦᠮᠡᠨ ᠣᠯᠠᠨ ᠤ ᠪᠠᠶᠠᠷ ᠴᠡᠩᠭᠡᠯ-ᠦᠨᠳᠦᠰᠦᠨ ᠦ ᠶᠡᠬᠡ ᠪᠠᠶᠠᠷ ᠨᠠᠭᠠᠳᠤᠮ ᠢᠶᠠᠨ ᠶᠣᠰᠣᠯᠠᠯ ᠲᠡᠭᠦᠯᠳᠡᠷ᠂ ᠥᠷᠭᠡᠨ ᠳᠡᠯᠭᠡᠷ ᠲᠡᠮᠳᠡᠭᠯᠡᠯ᠎ᠡ᠃
ᠮᠣᠩᠭᠣᠯ ᠨᠠᠭᠠᠳᠤᠮ ᠪᠣᠯ ᠬᠦᠴᠦᠲᠦ ᠪᠥᠬᠡ ᠪᠡᠨ ᠪᠠᠷᠢᠯᠳᠤᠭᠤᠯᠵᠤ ᠬᠡᠶᠢᠮᠣᠷᠢ ᠰᠦᠯᠳᠡ ᠪᠡᠨ ᠮᠠᠨᠳᠤᠭᠤᠯᠳᠠᠭ᠂ ᠬᠤᠷᠳᠤᠨ ᠬᠦᠯᠦᠭ ᠢᠶᠡᠨ ᠤᠷᠤᠯᠳᠤᠭᠤᠯᠵᠤ ᠴᠣᠭ ᠵᠣᠯᠪᠣᠭ᠎ᠠ ᠪᠠᠨ ᠪᠠᠳᠠᠷᠠᠭᠠᠳᠠᠭ᠂ ᠡᠪᠡᠷ ᠨᠤᠮᠤ ᠪᠠᠨ ᠡᠪᠰᠢᠶᠡᠯᠭᠡᠵᠦ ᠴᠡᠴᠡ ᠮᠡᠷᠭᠡᠨ ᠢᠶᠡᠨ ᠰᠢᠯᠭᠠᠳᠠᠭ᠂ ᠲᠥᠷᠥ ᠲᠦᠮᠡᠨ ᠢᠶᠡᠷ ᠢᠶᠡᠨ ᠬᠤᠷᠤᠶᠢᠯᠠᠨ ᠨᠢᠭᠡᠳᠴᠦ᠂ ᠲᠦᠮᠡᠨ ᠣᠯᠠᠨ ᠢᠶᠠᠷ ᠢᠶᠠᠨ ᠤᠤᠬᠠᠶᠢᠯᠠᠨ ᠴᠡᠩᠭᠡᠳᠡᠭ᠂ ᠮᠣᠩᠭᠣᠯ ᠬᠦᠮᠦᠨ ᠪᠦᠷᠢ ᠶᠢᠨ ᠬᠦᠰᠡᠨ ᠬᠦᠯᠢᠶᠡᠵᠦ ᠬᠦᠨᠳᠦᠯᠡᠨ ᠳᠡᠭᠡᠳᠦᠯᠡᠳᠡᠭ ᠤᠯᠠᠮᠵᠢᠯᠠᠯᠲᠤ ᠶᠡᠬᠡ ᠪᠠᠶᠠᠷ ᠶᠣᠰᠣᠯᠠᠯ᠂ ᠬᠦᠮᠦᠨ ᠲᠥᠷᠥᠯᠬᠢᠲᠡᠨ ᠦ ᠦᠨᠡᠲᠦ ᠥᠪ ᠰᠤᠶᠤᠯ ᠪᠢᠯᠡ᠃
ᠡᠪᠦᠭᠡ ᠳᠡᠭᠡᠳᠦᠰ ᠡᠴᠡ ᠤᠯᠠᠮᠵᠢᠯᠠᠭᠳᠠᠨ ᠢᠷᠡᠭᠰᠡᠨ᠂ ᠥᠨᠢ ᠡᠷᠲᠡᠨ ᠦ ᠲᠡᠦᠬᠡ ᠲᠡᠢ ᠲᠥᠷᠥᠳᠦ ᠶᠣᠰᠣ᠂ ᠲᠡᠦᠬᠡ ᠰᠤᠶᠤᠯ ᠤᠨ ᠦᠨᠡᠲᠦ ᠥᠪ ᠢᠶᠡᠨ ᠮᠣᠩᠭᠣᠯᠴᠤᠳ ᠪᠢᠳᠡ ᠬᠠᠶᠢᠷᠠᠯᠠᠨ ᠬᠠᠮᠠᠭᠠᠯᠠᠵᠤ᠂ ᠪᠠᠬᠠᠷᠬᠠᠨ ᠳᠡᠭᠡᠳᠦᠯᠡᠵᠦ᠂ ᠰᠤᠷᠲᠠᠯᠴᠢᠯᠠᠨ ᠲᠠᠨᠢᠭᠤᠯᠵᠤ᠂ ᠳᠡᠯᠡᠬᠡᠢ ᠨᠡᠶᠢᠲᠡ ᠳᠦ ᠲᠦᠭᠡᠭᠡᠨ ᠳᠡᠯᠭᠡᠷᠡᠭᠦᠯᠵᠦ ᠪᠠᠶᠢᠬᠤ ᠤᠴᠢᠷ ᠲᠠᠢ᠃
ᠮᠣᠩᠭᠣᠯ ᠨᠠᠭᠠᠳᠤᠮ ᠪᠣᠯ ᠬᠠᠲᠠᠭᠤ ᠡᠪᠦᠯ ᠢ ᠥᠩ ᠲᠡᠢ᠂ ᠬᠠᠬᠢᠷ ᠬᠠᠪᠤᠷ ᠢ ᠬᠠᠪᠤ ᠲᠠᠢ ᠳᠠᠪᠠᠵᠤ᠂ ᠨᠠᠯᠠᠭᠠᠷ ᠨᠠᠮᠤᠷ ᠢ ᠤᠭᠲᠤᠨ ᠲᠡᠮᠳᠡᠭᠯᠡᠳᠡᠭ ᠨᠡᠭᠦᠳᠡᠯᠴᠢᠨ ᠲᠦᠮᠡᠨ ᠦ ᠪᠠᠬᠠᠳᠤᠮ᠎ᠠ ᠰᠠᠶᠢᠬᠠᠨ ᠪᠠᠶᠠᠷ ᠴᠡᠩᠭᠡᠯ ᠮᠥᠨ᠃ ᠲᠡᠶᠢᠮᠦ ᠡᠴᠡ ᠮᠣᠩᠭᠣᠯᠴᠤᠳ ᠪᠢᠳᠡ 《ᠨᠠᠭᠠᠳᠤᠮ ᠤᠨ ᠮᠠᠷᠭᠠᠰᠢ ᠨᠠᠮᠤᠷ》ᠬᠡᠮᠡᠨ ᠬᠡᠯᠡᠯᠴᠡᠵᠦ᠂ ᠠᠶᠢᠰᠤᠢ ᠡᠪᠦᠯ᠂ ᠢᠷᠡᠵᠦ ᠪᠤᠢ ᠨᠠᠮᠤᠷ ᠤᠨ ᠪᠡᠯᠡᠳᠬᠡᠯ ᠢᠶᠡᠨ ᠡᠷᠲᠡᠨ ᠡᠴᠡ ᠪᠠᠵᠠᠭᠠᠳᠠᠭ ᠤᠯᠠᠮᠵᠢᠯᠠᠯ ᠲᠠᠢ᠃ ᠠᠯᠢᠪᠠ ᠠᠵᠢᠯ ᠤᠨ ᠪᠡᠯᠡᠳᠬᠡᠯ ᠨᠢ ᠠᠮᠵᠢᠯᠲᠠ ᠪᠦᠲᠦᠭᠡᠯ ᠦᠨ ᠦᠨᠳᠦᠰᠦ ᠪᠠᠶᠢᠳᠠᠭ ᠢ ᠰᠠᠨᠠᠵᠤ᠂ ᠲᠥᠷᠥ ᠵᠠᠰᠠᠭ᠂ ᠲᠦᠮᠡᠨ ᠣᠯᠠᠨ ᠢᠶᠠᠷ ᠢᠶᠠᠨ ᠡᠷᠴᠢ  ᠬᠦᠴᠦ ᠪᠡᠨ ᠨᠢᠭᠡᠳᠬᠡᠵᠦ᠂ ᠠᠵᠢᠯ ᠦᠢᠯᠡᠰ ᠢᠶᠡᠨ ᠴᠡᠭᠴᠡᠯᠡᠵᠦ᠂ ᠢᠷᠡᠬᠦ ᠡᠪᠦᠯ ᠦᠨ ᠪᠡᠯᠡᠳᠬᠡᠯ ᠢᠶᠡᠨ ᠤᠳᠤ ᠠᠴᠠ ᠰᠠᠶᠢᠲᠤᠷ ᠬᠠᠩᠭᠠᠬᠤ ᠬᠡᠷᠡᠭᠲᠡᠢ᠃
ᠠᠶᠢᠯ ᠬᠦᠮᠦᠨ ᠦ ᠠᠮᠢ ᠨᠢᠭᠡ᠂ ᠰᠠᠭᠠᠬᠠᠯᠲᠠ ᠬᠦᠮᠦᠨ ᠦ ᠰᠠᠨᠠᠭ᠎ᠠ ᠨᠢᠭᠡ ᠭᠡᠵᠦ ᠠᠷᠠᠳ ᠤᠨ ᠰᠠᠶᠢᠬᠠᠨ ᠦᠭᠡ ᠪᠤᠢ᠃ ᠪᠢᠳᠡ ᠨᠢᠭᠡ ᠮᠣᠩᠭᠣᠯ᠂ ᠨᠢᠭᠡ ᠭᠡᠷ ᠪᠦᠯᠢ᠂ ᠨᠢᠭᠡ ᠠᠷᠠᠳ ᠲᠦᠮᠡᠨ ᠭᠡᠳᠡᠭ ᠢᠶᠡᠨ ᠭᠦᠨ᠎ᠡ ᠤᠬᠠᠮᠰᠠᠷᠯᠠᠵᠤ᠂ ᠬᠦᠰᠡᠯ ᠵᠣᠷᠢᠯᠭ᠎ᠠ᠂ ᠦᠨᠡᠲᠦ ᠵᠦᠢᠯ ᠢᠶᠡᠷ ᠢᠶᠡᠨ ᠨᠢᠭᠡᠳᠦᠨ ᠨᠡᠶᠢᠯᠡᠵᠦ᠂ ᠬᠣᠲᠠᠯᠠ ᠲᠦᠮᠡᠨ ᠢᠶᠡᠷ ᠢᠶᠡᠨ ᠰᠡᠳᠬᠢᠯ ᠢᠶᠡᠨ ᠲᠥᠪᠰᠢᠳᠬᠡᠨ᠂ ᠢᠲᠡᠭᠡᠯ ᠢᠶᠡᠨ ᠪᠡᠬᠢᠯᠡᠵᠦ᠂ ᠡᠪ ᠢᠶᠡᠨ ᠵᠠᠩᠭᠢᠳᠤᠨ᠂ ᠥᠭᠡᠳᠡᠷᠡᠭ  ᠲᠡᠮᠡᠤᠯᠤᠯ᠂ ᠥᠷᠨᠢᠭᠦᠨ ᠵᠢᠳᠬᠦᠯ ᠢᠶᠡᠷ ᠡᠬᠡ ᠣᠷᠣᠨ ᠢᠶᠠᠨ ᠬᠠᠮᠲᠤ ᠳᠤ ᠪᠠᠨ ᠬᠥᠭᠵᠢᠭᠦᠯᠬᠦ ᠤᠴᠢᠷ ᠲᠠᠢ᠃
ᠡᠬᠡ ᠣᠷᠣᠨ ᠤ ᠬᠤᠪᠢ ᠵᠠᠶᠠᠭ᠎ᠠ ᠢᠷᠭᠡᠨ ᠲᠠᠨ ᠤ ᠭᠠᠷ ᠲᠤ ᠪᠤᠢ ᠭᠡᠳᠡᠭ ᠢ ᠢᠮᠠᠭᠲᠠ ᠰᠠᠨᠠᠵᠤ᠂ ᠤᠯᠤᠰ ᠮᠣᠩᠭᠣᠯ ᠤᠨ ᠢᠶᠠᠨ ᠬᠥᠭᠵᠢᠯ ᠳᠡᠪᠰᠢᠯ ᠦᠨ ᠲᠥᠯᠥᠭᠡ᠂ ᠦᠷ᠎ᠡ ᠬᠡᠦᠬᠡᠳ ᠦᠨ ᠢᠶᠡᠨ ᠰᠠᠶᠢᠨ ᠰᠠᠶᠢᠬᠠᠨ ᠤ ᠲᠥᠯᠥᠭᠡ ᠠᠷᠠᠳ ᠨᠡᠶᠢᠲᠡ ᠪᠡᠷ ᠢᠶᠡᠨ ᠬᠢᠴᠢᠶᠡᠨ ᠵᠢᠳᠬᠦᠵᠡᠭᠡᠶ᠎ᠡ᠃
ᠠᠷᠭᠤᠮᠠᠭ ᠬᠦᠯᠦᠭ ᠦᠳ ᠨᠢ ᠬᠤᠷᠳᠤᠨ᠂ ᠠᠪᠤᠷᠭᠤ ᠪᠥᠬᠡᠴᠦᠳ ᠨᠢ ᠬᠦᠴᠦᠲᠡᠢ᠂ ᠡᠷᠡᠮᠡᠭᠡᠢ ᠬᠠᠷᠪᠤᠭᠠᠴᠢᠳ ᠨᠢ ᠴᠡᠴᠡ ᠲᠡᠢ᠂ ᠬᠣᠲᠠᠯᠠ ᠣᠯᠠᠨ ᠢᠶᠠᠷ ᠢᠶᠠᠨ ᠪᠠᠬᠠᠳᠤᠯ ᠲᠠᠢ᠂ ᠥᠨᠳᠥᠷ ᠲᠥᠷᠥ᠂ ᠥᠷᠭᠡᠨ ᠲᠦᠮᠡᠨ ᠦ ᠶᠡᠬᠡ ᠪᠠᠶᠠᠷ ᠴᠡᠩᠭᠡᠯ-ᠦᠨᠳᠦᠰᠦᠨ ᠦ ᠶᠡᠬᠡ ᠪᠠᠶᠠᠷ ᠨᠠᠭᠠᠳᠤᠮ ᠡᠶᠢᠨᠬᠦᠦ ᠴᠣᠭ ᠬᠡᠶᠢᠮᠣᠷᠢ ᠳᠦᠭᠦᠷᠡᠩ ᠶᠣᠰᠣᠯᠠᠯ ᠲᠡᠭᠦᠯᠳᠡᠷ ᠥᠨᠳᠥᠷᠯᠡᠵᠦ ᠪᠠᠶᠢᠨ᠎ᠠ᠃
ᠮᠥᠩᠬᠡ ᠲᠩᠷᠢ ᠶᠢᠨ ᠬᠦᠴᠦᠨ ᠳ᠋ᠤᠷ᠂ ᠠᠤᠭ᠎ᠠ ᠶᠡᠬᠡ ᠡᠵᠡᠨ ᠴᠢᠩᠭᠢᠰ ᠬᠠᠭᠠᠨ ᠤ ᠰᠦᠷ ᠬᠦᠴᠦᠨ ᠳ᠋ᠤᠷ᠂ ᠮᠣᠩᠭᠣᠯ ᠤᠯᠤᠰ ᠮᠠᠨᠳᠤᠨ ᠪᠠᠳᠠᠷᠠᠬᠤ ᠪᠣᠯᠲᠤᠭᠠᠢ ᠭᠡᠯ᠎ᠡ᠃

ᠰᠡᠳᠬᠢᠭᠳᠡᠯ ᠦᠯᠡᠳᠡᠭᠡᠬᠦ