ᠮᠣᠩᠭᠣᠯ ᠤᠯᠤᠰ ᠡᠨᠡ ᠬᠠᠭᠠᠰ ᠵᠢᠯ ᠳᠦ ᠨᠡᠶᠢᠲᠡ 143 ᠤᠯᠤᠰ ᠲᠠᠢ ᠬᠤᠳᠠᠯᠳᠤᠭ᠎ᠠ ᠬᠢᠵᠦ᠂ ᠭᠠᠳᠠᠭᠠᠳᠤ ᠬᠤᠳᠠᠯᠳᠤᠭᠠᠨ ᠤ ᠨᠡᠶᠢᠲᠡ ᠪᠠᠷᠠᠭ᠎ᠠ ᠡᠷᠭᠢᠯᠲᠡ 11.8 ᠲᠡᠷᠪᠤᠮ ᠳ᠋ᠣᠯᠯᠠᠷ ᠪᠣᠯᠵᠠᠢ᠃ ᠡᠭᠦᠨ ᠡᠴᠡ᠄ ᠡᠺᠰᠫᠣᠷᠲ 7.6 ᠲᠡᠷᠪᠤᠮ ᠳ᠋ᠣᠯᠯᠠᠷ᠂ ᠢᠮᠫᠣᠷᠲ 4.3 ᠲᠡᠷᠪᠤᠮ ᠳ᠋ᠣᠯᠯᠠᠷ ᠪᠠᠶᠢᠨ᠎ᠠ᠃
2023 ᠣᠨ ᠤ ᠡᠬᠢᠨ ᠦ ᠬᠠᠭᠠᠰ ᠵᠢᠯ ᠳᠦ ᠡᠺᠰᠫᠣᠷᠲ ᠡᠮᠦᠨᠡᠬᠢ ᠣᠨ ᠤ ᠮᠥᠨ ᠦᠶ᠎ᠡ ᠡᠴᠡ 2.3 ᠲᠡᠷᠪᠤᠮ ᠳ᠋ᠣᠯᠯᠠᠷ ᠢᠶᠠᠷ ᠥᠰᠬᠦ ᠳᠦ᠄ ᠨᠡᠭᠦᠷᠡᠰᠦ 2.1 ᠲᠡᠷᠪᠤᠮ ᠳ᠋ᠣᠯᠯᠠᠷ ᠢᠶᠠᠷ᠂ ᠭᠠᠵᠠᠷ ᠤᠨ ᠲᠣᠰᠣ 162.9 ᠰᠠᠶ᠎ᠠ ᠳ᠋ᠣᠯᠯᠠᠷ ᠢᠶᠠᠷ᠂ ᠯᠠᠵᠠᠯᠠᠭᠰᠠᠨ ᠮᠢᠬᠠᠨ ᠪᠦᠲᠦᠭᠡᠭᠳᠡᠬᠦᠨ 82.1 ᠰᠠᠶ᠎ᠠ ᠳ᠋ᠣᠯᠯᠠᠷ ᠢᠶᠠᠷ᠂ ᠵᠣᠩᠰᠢᠨ ᠤ ᠬᠥᠳᠡᠷ ᠪᠠ ᠪᠠᠶᠠᠵᠢᠮᠠᠯ 70.8 ᠰᠠᠶ᠎ᠠ ᠳ᠋ᠣᠯᠯᠠᠷ ᠢᠶᠠᠷ᠂ ᠲᠡᠮᠦᠷ ᠦᠨ ᠬᠥᠳᠡᠷ᠂ ᠪᠠᠶᠠᠵᠢᠮᠠᠯ 55.3 ᠰᠠᠶ᠎ᠠ ᠳ᠋ᠣᠯᠯᠠᠷ ᠢᠶᠠᠷ᠂ ᠠᠳᠤᠭᠤᠨ ᠤ ᠮᠢᠬ᠎ᠠ 52.2 ᠰᠠᠶ᠎ᠠ ᠳ᠋ᠣᠯᠯᠠᠷ ᠢᠶᠠᠷ ᠲᠤᠰ ᠲᠤᠰ ᠥᠰᠦᠭᠰᠡᠨ ᠨᠢ ᠭᠣᠣᠯᠯᠠᠨ ᠨᠥᠯᠦᠭᠡᠯᠡᠵᠡᠢ᠃