ᠳᠤᠯᠤᠳᠤᠭᠠᠷ ᠰᠠᠷ᠎ᠠ ᠶᠢᠨ 13-14 ᠳᠦ ᠪᠣᠯᠵᠤ ᠪᠤᠢ АСЕАН ᠤ ᠪᠥᠰᠡ ᠶᠢᠨ ᠹᠣᠷᠣᠮ ᠤᠨ ᠭᠠᠳᠠᠭᠠᠳᠤ ᠬᠡᠷᠡᠭ ᠦᠨ ᠰᠠᠶᠢᠳ ᠨᠠᠷ ᠤᠨ ᠠᠭᠤᠯᠵᠠᠯᠲᠠ ᠳᠤ ᠭᠠᠳᠠᠭᠠᠳᠤ ᠬᠠᠷᠢᠯᠴᠠᠭᠠᠨ ᠤ ᠰᠠᠶᠢᠳ ᠪ ∙ ᠪᠠᠲᠤᠴᠡᠴᠡᠭ ᠤᠷᠤᠯᠴᠠᠬᠤ ᠦᠶ᠎ᠡ ᠪᠡᠷ ᠢᠶᠡᠨ ᠠᠦᠢᠰᠲᠷᠠᠯᠢᠶ᠎ᠠ ᠶᠢᠨ ᠬᠣᠯᠪᠣᠭᠠᠨ ᠤ ᠤᠯᠤᠰ ᠤᠨ ᠭᠠᠳᠠᠭᠠᠳᠤ ᠬᠡᠷᠡᠭ ᠦᠨ ᠰᠠᠶᠢᠳ ᠫᠧᠨᠨᠢ ᠸᠤᠩ ᠲᠠᠢ ᠠᠭᠤᠯᠵᠠᠪᠠ᠃
ᠲᠡᠷᠡ ᠠᠦᠢᠰᠲᠷᠠᠯᠢᠶ᠎ᠠ᠂ ᠮᠣᠩᠭᠣᠯ ᠤᠨ ᠨᠠᠶᠢᠷᠠᠮᠳᠠᠯ ᠤᠨ ᠪᠦᠯᠦᠭ ᠦᠨ ᠳᠠᠷᠤᠭ᠎ᠠ ᠲᠠᠨᠶᠠ ᠯᠦᠷᠧᠨᠰ ᠮᠣᠩᠭᠣᠯ ᠤᠯᠤᠰ ᠲᠤ ᠠᠶᠢᠯᠴᠢᠯᠠᠵᠤ᠂ ᠤᠯᠠᠭᠠᠨᠪᠠᠭᠠᠲᠤᠷ ᠲᠤ ᠵᠣᠬᠢᠶᠠᠨ ᠪᠠᠶᠢᠭᠤᠯᠤᠭᠰᠠᠨ ᠮᠣᠩᠭᠣᠯ ᠤᠨ ᠡᠳ᠋ ᠦᠨ ᠵᠠᠰᠠᠭ ᠤᠨ ᠹᠣᠷᠣᠮ ᠳᠤ ᠷᠢᠤ᠋ ᠲᠢᠨᠲ᠋ᠤ᠋ ᠪᠣᠯᠤᠨ ᠠᠦᠢᠰᠲᠷᠠᠯᠢᠶ᠎ᠠ ᠶᠢᠨ ᠦᠨᠳᠦᠰᠦᠨ ᠦ ᠪᠠᠩᠬᠢ᠂ ANZ ᠪᠠᠩᠬᠢ᠂ JPMorgan Cazenove ᠵᠡᠷᠭᠡ ᠪᠢᠽᠢᠨᠧᠰ ᠦᠨ 100 ᠭᠠᠷᠤᠢ ᠲᠥᠯᠥᠭᠡᠯᠡᠭᠴᠢ ᠶᠢ ᠲᠡᠷᠢᠭᠦᠯᠡᠨ ᠣᠷᠣᠯᠴᠠᠭᠰᠠᠨ ᠳᠤ ᠠᠭᠤᠯᠵᠠᠯᠲᠠ ᠶᠢᠨ ᠦᠶ᠎ᠡ ᠪᠡᠷ ᠢᠶᠡᠨ ᠲᠠᠯᠠᠷᠬᠠᠯ ᠢᠯᠡᠷᠬᠡᠶᠢᠯᠡᠪᠡ᠃
ᠮᠥᠨ ᠮᠣᠩᠭᠣᠯ ᠤᠯᠤᠰ ᠤᠨ ᠠᠭᠤᠯᠠ ᠠᠭᠤᠷᠬᠠᠢ ᠶᠢᠨ ᠰᠠᠯᠪᠤᠷᠢ ᠶᠢᠨ ᠪᠣᠳᠣᠯᠭ᠎ᠠ᠂ ᠰᠲ᠋ᠠᠨᠳᠠᠷᠲ ᠢ ᠪᠣᠯᠪᠠᠰᠤᠷᠠᠩᠭᠤᠢ ᠪᠣᠯᠭᠠᠬᠤ ᠳᠤ ᠠᠦᠢᠰᠲᠷᠠᠯᠢᠶ᠎ᠠ ᠶᠢᠨ ᠵᠠᠰᠠᠭ ᠤᠨ ᠭᠠᠵᠠᠷ ᠠᠴᠠ 2019-2024 ᠣᠨ ᠳᠤ ᠬᠡᠷᠡᠭᠵᠢᠭᠦᠯᠵᠦ ᠪᠤᠢ ᠠᠦᠢᠰᠲᠷᠠᠯᠢᠶ᠎ᠠ᠂ ᠮᠣᠩᠭᠣᠯ ᠤᠨ ᠡᠷᠦᠳᠡᠰᠦ ᠪᠠᠶᠠᠯᠢᠭ ᠤᠨ ᠬᠥᠲᠥᠯᠪᠦᠷᠢ︵АМЕП︶ ᠶᠢᠨ ᠭᠤᠷᠪᠠᠳᠤᠭᠠᠷ ᠱᠠᠲᠤ ᠶᠢ ᠦᠷᠭᠦᠯᠵᠢᠯᠡᠭᠦᠯᠦᠨ ᠬᠡᠷᠡᠭᠵᠢᠭᠦᠯᠬᠦ᠂ ᠠᠦᠢᠰᠲᠷᠠᠯᠢᠶ᠎ᠠ᠂ ᠮᠣᠩᠭᠣᠯ ᠤᠨ ᠪᠢᠽᠢᠨᠧᠰ ᠵᠥᠪᠯᠡᠯ ᠦᠨ ᠦᠢᠯᠡ ᠠᠵᠢᠯᠯᠠᠭ᠎ᠠ ᠶᠢ ᠲᠤᠤᠱᠲᠠᠢ ᠳᠡᠮᠵᠢᠵᠦ ᠠᠵᠢᠯᠯᠠᠬᠤ ᠪᠠᠨ ᠲᠠᠯ᠎ᠠ ᠨᠤᠭᠤᠳ ᠶᠠᠷᠢᠯᠴᠠᠯ᠎ᠠ᠃ ᠠᠭᠤᠯᠵᠠᠯᠲᠠ ᠶᠢᠨ ᠡᠴᠦᠰ ᠲᠦ᠂ ᠠᠦᠢᠰᠲᠷᠠᠯᠢᠶ᠎ᠠ ᠤᠯᠤᠰ ᠲᠤ ᠪᠣᠯᠪᠠᠰᠤᠷᠠᠯ ᠡᠵᠡᠮᠰᠢᠬᠦ ᠮᠣᠩᠭᠣᠯ ᠢᠷᠭᠡᠳ ᠦᠨ ᠲᠣᠭ᠎ᠠ ᠶᠢ ᠨᠡᠮᠡᠭᠳᠡᠭᠦᠯᠬᠦ ᠰᠣᠨᠢᠷᠬᠠᠯ ᠢ ᠬᠠᠷᠠᠭᠠᠯᠵᠠᠨ᠂ ᠠᠦᠢᠰᠲᠷᠠᠯᠢᠶ᠎ᠠ ᠶᠢᠨ ᠵᠠᠰᠠᠭ ᠤᠨ ᠭᠠᠵᠠᠷ ᠮᠣᠩᠭᠣᠯ ᠤᠯᠤᠰ ᠲᠤ ᠣᠯᠭᠤᠵᠤ ᠪᠤᠢ ᠲᠡᠳᠬᠦᠯᠭᠡ ᠶᠢᠨ ᠲᠣᠭ᠎ᠠ ᠶᠢ ᠡᠨᠡ ᠣᠨ ᠳᠤ ᠨᠡᠮᠡᠭᠳᠡᠭᠦᠯᠦᠭᠰᠡᠨ ᠳᠦ ᠲᠠᠯᠠᠷᠬᠠᠯ ᠢᠶᠠᠨ ᠢᠯᠡᠷᠬᠡᠶᠢᠯᠡᠪᠡ᠃