《 ᠰᠢᠯᠢᠹᠢᠳᠠ》ᠪᠠᠯᠧᠲ ᠤᠨ ᠰᠤᠷᠭᠠᠭᠤᠯᠢ ᠶᠢᠨ ᠰᠤᠷᠤᠭᠴᠢ ᠮ ∙ ᠨᠣᠮᠢᠨ ᠠᠮᠧᠷᠢᠺᠠ ᠶᠢᠨ ᠹᠯᠣᠷᠢᠳᠠ ᠮᠤᠵᠢ ᠶᠢᠨ ᠤᠷᠯᠠᠨᠳᠤ᠋ ᠬᠤᠲᠠ ᠳᠤ ᠪᠣᠯᠵᠤ ᠪᠤᠢ᠂ ᠨᠡᠷ᠎ᠡ ᠬᠦᠨᠳᠦᠲᠡᠢ ᠪᠠᠯᠧᠲ ᠤᠨ ᠲᠡᠮᠡᠴᠡᠭᠡᠨ《World Ballet Competition 2023》 ᠲᠡᠮᠡᠴᠡᠭᠡᠨ ᠳᠦ ᠣᠷᠣᠯᠴᠠᠵᠠᠢ᠃
ᠲᠡᠷᠡ ᠪᠡᠷ ᠡᠬᠢᠨ ᠦ ᠪᠦᠵᠢᠭ ᠳᠡᠭᠡᠷ᠎ᠡ ᠪᠡᠨ 8.5 ᠣᠨᠣᠭ᠎ᠠ ᠠᠪᠴᠤ᠂ ᠬᠠᠮᠤᠭ ᠤᠨ ᠥᠨᠳᠥᠷ ᠤᠨᠤᠭ᠎ᠠ ᠠᠴᠠ 0.188 ᠣᠨᠣᠭ᠎ᠠ ᠪᠠᠭ᠎ᠠ ᠠᠪᠴᠤ᠂ ᠳᠠᠷᠠᠭ᠎ᠠ ᠶᠢᠨ ᠪᠦᠵᠢᠭ ᠲᠦ ᠪᠡᠨ 9.438 ᠪᠤᠶᠤ ᠬᠠᠮᠤᠭ ᠤᠨ ᠥᠨᠳᠥᠷ ᠣᠨᠣᠭ᠎ᠠ ᠶᠢ ᠠᠪᠤᠭᠰᠠᠨ ᠪᠠᠶᠢᠨ᠎ᠠ᠃ ᠬᠣᠶᠠᠷ ᠪᠦᠵᠢᠭ ᠦᠨ ᠤᠨᠤᠭ᠎ᠠ ᠶᠢᠨ ᠳᠤᠮᠳᠠᠴᠢ ᠪᠠᠷ 8.968 ᠣᠨᠣᠭ᠎ᠠ ᠠᠪᠴᠤ᠂ ᠬᠠᠮᠤᠭ ᠤᠨ ᠥᠨᠳᠥᠷ ᠣᠨᠣᠭ᠎ᠠ ᠲᠠᠢ ᠬᠡᠦᠬᠡᠳ ᠡᠴᠡ 0.032 ᠣᠨᠣᠭ᠎ᠠ ᠪᠠᠭ᠎ᠠ ᠠᠪᠴᠤ᠂ ᠬᠣᠶᠠᠳᠤᠭᠠᠷ ᠲᠤ ᠵᠢᠭᠰᠠᠵᠠᠢ᠃
ᠳᠣᠯᠣᠭᠠᠨ ᠰᠢᠭᠦᠭᠴᠢ ᠶᠢᠨ ᠥᠭᠭᠦᠭᠰᠡᠨ ᠣᠨᠣᠭᠣᠨ ᠨᠤᠭᠤᠳ ᠠᠴᠠ ᠬᠠᠮᠤᠭ ᠤᠨ ᠥᠨᠳᠥᠷ᠂ ᠬᠠᠮᠤᠭ ᠤᠨ ᠪᠠᠭ᠎ᠠ ᠣᠨᠣᠭ᠎ᠠ ᠶᠢ ᠬᠠᠰᠤᠭᠠᠳ᠂ ᠦᠯᠡᠳᠡᠭᠰᠡᠨ ᠲᠠᠪᠤᠨ ᠣᠨᠣᠭᠣᠨ ᠤ ᠳᠤᠮᠳᠠᠴᠢ ᠪᠠᠷ ᠰᠢᠯᠢᠳᠡᠭ ᠦᠳ ᠢ ᠰᠢᠯᠭᠠᠷᠠᠭᠤᠯᠳᠠᠭ ᠪᠠᠶᠢᠨ᠎ᠠ᠃ ᠮ ∙ ᠨᠣᠮᠢᠨ ᠢ ᠡᠨᠡ ᠲᠡᠮᠡᠴᠡᠭᠡᠨ ᠳᠦ ᠪᠠᠭᠰᠢ ᠮ ∙ ᠲᠡᠮᠦᠷᠴᠤᠤᠵᠢ ᠪᠡᠯᠡᠳᠦᠨ ᠣᠷᠤᠯᠴᠠᠭᠤᠯᠵᠠᠢ᠃