ᠵᠠᠮ ᠲᠡᠭᠡᠭᠡᠪᠦᠷᠢ ᠶᠢᠨ ᠬᠥᠭᠵᠢᠯ ᠦᠨ ᠳᠡᠳ᠋ ᠰᠠᠶᠢᠳ ᠯ ∙ᠬᠠᠯᠲᠠᠷ ᠶᠠᠫᠣᠨ ᠤᠯᠤᠰ ᠠᠴᠠ ᠮᠣᠩᠭᠣᠯ ᠳᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠺᠣᠪᠠᠶᠠᠰᠢ ᠾᠢᠷᠤᠶᠤᠺᠢ ᠲᠡᠷᠢᠭᠦᠲᠡᠢ ᠲᠥᠯᠥᠭᠡᠯᠡᠭᠴᠢᠳ ᠢ ᠪᠠᠰᠠᠩ ᠭᠠᠷᠠᠭ ᠲᠤ ᠬᠦᠯᠢᠶᠡᠨ ᠠᠪᠴᠤ ᠠᠭᠤᠯᠵᠠᠵᠠᠢ᠃ ᠠᠭᠤᠯᠵᠠᠯᠲᠠ ᠪᠠᠷ ᠲᠠᠯ᠎ᠠ ᠨᠤᠭᠤᠳ《ᠤᠯᠠᠭᠠᠨᠪᠠᠭᠠᠲᠤᠷ ᠤᠨ ᠲᠡᠮᠦᠷ ᠵᠠᠮ》 ᠨᠡᠢᠭᠡᠮᠯᠢᠭ᠂ ᠶᠠᠫᠣᠨ ᠤᠯᠤᠰ ᠤᠨ 《 ᠮᠠᠷᠤᠵᠶᠤᠤ》 ᠺᠣᠮᠫᠠᠨᠢ ᠶᠢᠨ ᠬᠠᠮᠲᠤᠷᠠᠨ ᠬᠡᠷᠡᠭᠵᠢᠭᠦᠯᠦᠭᠰᠡᠨ ᠲᠡᠮᠦᠷ ᠵᠠᠮ ᠤᠨ ᠪᠠᠭ᠎ᠠ ᠷᠠᠳᠢᠦ᠋ᠰ ᠲᠠᠢ ᠲᠠᠬᠢᠷ ᠲᠤ ᠵᠣᠷᠢᠭᠤᠯᠤᠨ ᠪᠦᠲᠦᠭᠡᠭᠰᠡᠨ М-01 ᠲᠥᠰᠥᠯ ᠦᠨ ᠦᠷ᠎ᠡ ᠳ᠋ᠦᠩ᠂ ᠳᠡᠭᠡᠷᠡᠬᠢ ᠲᠥᠰᠥᠯ ᠦᠨ ᠬᠦᠷᠢᠶᠡᠨ ᠳᠦ ᠬᠥᠩᠭᠡᠯᠡᠯᠲᠡᠲᠡᠢ ᠵᠢᠭᠡᠯᠡ ᠶᠢᠨ ᠳᠡᠮᠵᠢᠯᠭᠡ ᠦᠵᠡᠭᠦᠯᠦᠨ ᠬᠠᠮᠲᠤᠷᠠᠨ ᠠᠵᠢᠯᠯᠠᠬᠤ ᠲᠠᠯ᠎ᠠ ᠪᠠᠷ ᠰᠠᠨᠠᠯ ᠰᠣᠯᠢᠯᠴᠠᠭᠰᠠᠨ ᠪᠠᠶᠢᠨ᠎ᠠ᠃
《ᠤᠯᠠᠭᠠᠨᠪᠠᠭᠠᠲᠤᠷ ᠲᠡᠮᠦᠷ ᠵᠠᠮ》ᠨᠡᠶᠢᠭᠡᠮᠯᠢᠭ ᠪᠠ ᠶᠠᠫᠣᠨ ᠤᠯᠤᠰ ᠤᠨ《ᠮᠠᠷᠤᠵᠶᠤᠤ》ᠺᠣᠮᠫᠠᠨᠢ ᠶᠢᠨ ᠬᠣᠭᠣᠷᠣᠨᠳᠣ ᠪᠠᠶᠢᠭᠤᠯᠤᠭᠰᠠᠨ ᠭᠡᠷ᠎ᠡ ᠶᠢᠨ ᠳᠠᠭᠠᠤ ᠪᠠᠶᠠᠨ ᠬᠠᠶᠢᠷᠬᠠᠨ ᠬᠣᠭᠣᠷᠣᠨᠳᠣ ᠶᠢᠨ ᠵᠠᠮ ᠤᠨ 456-457 ᠺᠢᠯᠣᠮᠧᠲ᠋ᠷ ᠲᠦ 300 ᠮᠧᠲ᠋ᠷ ᠦᠨ ᠪᠠᠭ᠎ᠠ ᠷᠠᠳᠢᠦ᠋ᠰ ᠲᠠᠢ ᠲᠠᠬᠢᠷ ᠲᠤ М-01 ᠪᠡᠬᠢᠯᠡᠭᠡ ᠶᠢ 2018 ᠣᠨ ᠠᠴᠠ ᠲᠠᠯᠪᠢᠵᠤ ᠲᠤᠷᠰᠢᠵᠤ ᠪᠠᠢᠭ᠎ᠠ ᠶᠤᠮ᠃
ᠲᠡᠭᠦᠨ ᠡᠴᠡ ᠭᠠᠳᠠᠨ᠎ᠠ《ᠮᠣᠩᠭᠣᠯ ᠣᠷᠣᠨ ᠤ ᠪᠠᠶᠢᠭᠠᠯᠢ ᠴᠠᠭ ᠠᠭᠤᠷ ᠤᠨ ᠨᠥᠬᠥᠴᠡᠯ ᠳᠦ ᠲᠣᠬᠢᠷᠠᠭᠰᠠᠨ ᠠᠦ᠋ᠲ᠋ᠣ᠋ ᠵᠠᠮ ᠤᠨ ᠬᠤᠴᠢᠯᠲᠠ ᠶᠢᠨ ᠲᠧᠭᠨᠣᠯᠣᠭᠢ ᠶᠢᠨ ᠴᠢᠳᠠᠪᠬᠢ ᠶᠢ ᠰᠠᠶᠢᠵᠢᠷᠠᠭᠤᠯᠬᠤ ᠲᠧᠭᠨᠢᠭ ᠦᠨ ᠬᠠᠮᠲᠤ ᠶᠢᠨ ᠠᠵᠢᠯᠯᠠᠭᠠᠨ ᠤ ᠲᠥᠰᠥᠯ》 ᠢ 2019 ᠣᠨ ᠠᠴᠠ ᠠᠮᠵᠢᠯᠲᠠᠲᠠᠢ ᠬᠡᠷᠡᠭᠵᠢᠭᠦᠯᠵᠦ ᠪᠠᠶᠢᠨ᠎ᠠ᠃ ᠴᠢᠨᠠᠭᠰᠢᠳᠠ М-01 ᠮᠠᠶ᠋ᠢᠭ ᠤᠨ ᠪᠡᠬᠢᠯᠡᠭᠡ ᠶᠢ ᠶᠡᠬᠡ ᠬᠡᠮᠵᠢᠶ᠎ᠡ ᠪᠡᠷ ᠬᠥᠩᠭᠡᠯᠡᠯᠲᠡᠲᠡᠢ ᠨᠥᠬᠥᠴᠡᠯ ᠢᠶᠡᠷ ᠬᠤᠳᠠᠯᠳᠤᠨ ᠠᠪᠬᠤ ᠰᠠᠨᠠᠯ ᠲᠠᠢ ᠪᠠᠶᠢᠭ᠎ᠠ ᠪᠠᠨ ᠠᠭᠤᠯᠵᠠᠯᠲᠠ ᠶᠢᠨ ᠲᠡᠭᠦᠰᠬᠡᠯ ᠳᠦ ᠳᠡᠳ᠋ ᠰᠠᠶᠢᠳ ᠯ ∙ ᠬᠠᠯᠲᠠᠷ ᠢᠯᠡᠷᠬᠡᠶᠢᠯᠡᠭᠰᠡᠨ ᠭᠡᠵᠦ ᠵᠠᠮ ᠲᠡᠭᠡᠭᠡᠪᠦᠷᠢ ᠶᠢᠨ ᠬᠥᠭᠵᠢᠯ ᠦᠨ ᠶᠠᠮᠤᠨ ᠠᠴᠠ ᠮᠡᠳᠡᠭᠡᠯᠡᠪᠡ᠃