ᠳᠣᠷᠣᠨᠠᠲᠤ ᠠᠶᠢᠮᠠᠭ ᠤᠨ ᠲᠥᠪ ᠦᠨ ᠢᠷᠭᠡᠳ ᠵᠢᠯ ᠳᠦ 8.2 ᠰᠠᠶ᠎ᠠ ᠯᠢᠲ᠋ᠷ ᠰᠦ ᠬᠡᠷᠡᠭᠯᠡᠳᠡᠭ᠃ ᠡᠭᠦᠨ ᠦ 78.4 ᠬᠤᠪᠢ ᠶᠢ ᠳᠣᠲᠣᠭᠠᠳᠤ ᠠᠴᠠ ᠪᠠᠨ ᠬᠠᠩᠭᠠᠵᠤ ᠪᠠᠶᠢᠨ᠎ᠠ᠃ ᠰᠦᠨ ᠦ ᠬᠡᠷᠡᠭᠯᠡᠭᠡᠨ ᠦ 62.6 ᠬᠤᠪᠢ ᠶᠢ ᠴᠠᠢ ᠴᠢᠨᠠᠬᠤ ᠳᠤ᠂ 10.7 ᠬᠤᠪᠢ ᠶᠢ ᠬᠡᠦᠬᠡᠳ ᠦᠨ ᠲᠡᠵᠢᠭᠡᠯ ᠳᠦ᠂ 8.2 ᠬᠤᠪᠢ ᠶᠢ ᠰᠢᠭᠤᠳ ᠤᠤᠭᠤᠬᠤ ᠪᠠᠶᠢᠳᠠᠯ ᠢᠶᠠᠷ ᠬᠡᠷᠡᠭᠯᠡᠳᠡᠭ ᠭᠡᠵᠦ ᠰᠤᠳᠤᠯᠭᠠᠨ ᠳᠤ ᠣᠷᠣᠯᠴᠠᠭᠰᠠᠨ ᠢᠷᠭᠡᠳ ᠬᠠᠷᠢᠭᠤᠯᠵᠠᠢ᠃
ᠮᠦᠨ ᠰᠦᠨ ᠦ 63.3 ᠬᠤᠪᠢ ᠶᠢ ᠰᠢᠩᠭᠡᠨ ᠰᠦ᠂ 19 ᠬᠤᠪᠢ ᠶᠢ ᠰᠠᠪᠠᠯᠠᠭᠰᠠᠨ ᠰᠦ᠂ 17.5 ᠬᠤᠪᠢ ᠶᠢ ᠬᠠᠭᠤᠷᠠᠢ ᠰᠦ ᠡᠵᠡᠯᠡᠵᠦ ᠪᠠᠶᠢᠨ᠎ᠠ᠃ ᠳᠣᠷᠣᠨᠠᠲᠤ ᠠᠶᠢᠮᠠᠭ ᠲᠤ ᠬᠣᠨᠣᠭ ᠲᠤ 1600 ᠲᠣᠨ ᠰᠦ ᠪᠣᠯᠪᠠᠰᠤᠷᠠᠭᠤᠯᠬᠤ ᠬᠦᠴᠦᠨ ᠴᠢᠳᠠᠯ ᠪᠦᠬᠦᠢ 13 ᠴᠧᠾ ᠪᠠᠶᠢᠳᠠᠭ ᠠᠴᠠ ᠨᠢᠭᠡ ᠨᠢ ᠯᠠ ᠪᠠᠶᠢᠩᠭᠤ ᠶᠢᠨ ᠦᠢᠯᠡ ᠠᠵᠢᠯᠯᠠᠭ᠎ᠠ ᠲᠠᠢ᠂ ᠪᠤᠰᠤᠳ ᠨᠢ ᠤᠯᠠᠷᠢᠯ ᠤᠨ ᠴᠢᠨᠠᠷ ᠲᠠᠢ᠃