ᠮᠣᠩᠭᠣᠯ ᠤᠨ ᠸᠤᠯᠧᠢᠪᠤᠯᠴᠤᠳ ᠢᠷᠠᠨ ᠤ ᠪᠠᠭ ᠲᠠᠢ ᠲᠣᠭᠯᠠᠨ᠎ᠠ | News.MN

ᠮᠣᠩᠭᠣᠯ ᠤᠨ ᠸᠤᠯᠧᠢᠪᠤᠯᠴᠤᠳ ᠢᠷᠠᠨ ᠤ ᠪᠠᠭ ᠲᠠᠢ ᠲᠣᠭᠯᠠᠨ᠎ᠠ

ᠺᠢᠷᠭᠢᠽᠰᠲ᠋ᠠᠨ ᠤᠯᠤᠰ ᠤᠨ ᠨᠡᠶᠢᠰᠯᠡᠯ ᠳᠤ ᠪᠣᠯᠵᠤ ᠪᠤᠢ ᠲᠥᠪ ᠠᠽᠢᠶ᠎ᠠ ᠶᠢᠨ ᠸᠣᠯᠧᠢᠪᠣᠯ ᠤᠨ ᠬᠣᠯᠪᠣᠭᠠᠨ ᠤ ᠦᠨᠳᠦᠰᠦᠲᠡᠨ ᠨᠦᠭᠦᠳ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠵᠢᠷᠭᠤᠭᠠᠨ ᠤᠯᠤᠰ ᠤᠨ ᠳᠣᠯᠣᠭᠠᠨ ᠪᠠᠭ ᠲᠣᠭᠣᠷᠢᠭ ᠢᠶᠠᠷ ᠥᠷᠢᠰᠦᠯᠳᠦᠵᠦ ᠪᠠᠶᠢᠨ᠎ᠠ᠃ ᠲᠡᠮᠡᠴᠡᠭᠡᠨ ᠦ ᠡᠬᠢᠨ ᠦ ᠡᠳᠦᠷ ᠮᠠᠨ ᠤ ᠡᠷᠡᠭᠲᠡᠢ ᠪᠠᠭ ᠨᠧᠫᠠᠯ ᠤᠨ ᠸᠤᠯᠧᠢᠪᠤᠯᠴᠤᠳ  ᠢ 3᠄1  ᠪᠡᠷ ᠢᠯᠡᠭᠦᠷᠬᠡᠵᠦ  ᠢᠯᠠᠭᠠᠳ᠂ ᠠᠩᠬᠠᠨ ᠤ ᠬᠤᠵᠢᠯ ᠢᠶᠠᠨ ᠠᠪᠤᠭᠰᠠᠨ ᠪᠢᠯᠡ᠃

ᠮᠠᠨ ᠤ ᠡᠷᠡᠭᠲᠡᠢ ᠶᠢᠨ ᠪᠠᠭ ᠢᠷᠡᠨ᠂ ᠨᠧᠫᠠᠯ᠂ ᠦᠽᠪᠧᠺᠰᠲ᠋ᠠᠨ᠂ ᠲᠦᠷᠺᠮᠧᠨᠢᠰᠲ᠋ᠠᠨ᠂ ᠺᠢᠷᠭᠢᠽᠰᠲ᠋ᠠᠨ ᠤ ᠬᠣᠶᠠᠷ ᠪᠠᠭ ᠲᠠᠢ ᠨᠢᠭᠡ ᠬᠡᠰᠡᠭ ᠲᠦ ᠲᠠᠭᠠᠷᠠᠭᠰᠠᠨ ᠪᠥᠭᠡᠳ ᠥᠨᠥᠳᠥᠷ ᠢᠷᠠᠨ ᠤ ᠪᠠᠭ ᠲᠠᠢ 16᠄00 ᠴᠠᠭ ᠲᠤ ᠲᠣᠭᠯᠠᠨ᠎ᠠ᠃ ᠨᠡᠶᠢᠲᠡ ᠳᠣᠯᠣᠭᠠᠨ ᠤᠯᠤᠰ ᠤᠨ ᠰᠢᠭᠰᠢᠭᠡ ᠪᠠᠭ ᠲᠣᠭᠣᠷᠢᠭ ᠢᠶᠠᠷ ᠲᠣᠭᠯᠠᠵᠤ ᠳᠠᠭᠤᠰᠤᠭᠠᠳ ᠮᠧᠳᠠᠯ ᠤᠨ ᠡᠵᠡᠳ ᠲᠣᠳᠣᠷᠠᠨ᠎ᠠ᠃ ᠣᠳᠣ ᠪᠠᠷ ᠮᠠᠨ ᠤ ᠰᠢᠭᠰᠢᠭᠡ ᠪᠠᠭ ᠭᠤᠷᠪᠠᠨ ᠬᠣᠵᠢᠯ ᠲᠠᠢ ᠲᠡᠮᠡᠴᠡᠭᠡᠨ ᠢᠶᠡᠨ ᠦᠷᠭᠦᠯᠵᠢᠯᠡᠭᠦᠯᠵᠦ ᠪᠠᠶᠢᠨ᠎ᠠ᠃

ᠰᠡᠳᠬᠢᠭᠳᠡᠯ ᠦᠯᠡᠳᠡᠭᠡᠬᠦ