ᠲᠣᠮᠣ ᠮᠠᠯ ᠤᠨ ᠵᠦᠢ ᠪᠤᠰᠤ ᠬᠣᠷᠣᠭᠳᠠᠯ ᠡᠨᠡ ᠣᠨ ᠤ ᠡᠬᠢᠨ ᠡᠴᠡ ᠵᠢᠷᠭᠤᠳᠤᠭᠠᠷ ᠰᠠᠷ᠎ᠠ ᠶᠢᠨ ᠠᠷᠪᠠᠨ ᠤ ᠪᠠᠶᠢᠳᠠᠯ ᠢᠶᠠᠷ 3.6 ᠰᠠᠶ᠎ᠠ ᠶᠢ ᠳᠠᠪᠠᠵᠤ᠂ ᠡᠮᠦᠨᠡᠬᠢ ᠣᠨ ᠤ ᠮᠥᠨ ᠦᠶ᠎ᠡ ᠲᠡᠢ ᠬᠠᠷᠢᠴᠠᠭᠤᠯᠬᠤ ᠳᠤ 19.2 ᠳᠠᠬᠢᠨ ᠥᠰᠦᠭᠰᠡᠨ ᠪᠠᠶᠢᠨ᠎ᠠ᠃ 2022 ᠣᠨ ᠤ ᠡᠬᠢᠨ ᠦ ᠲᠠᠪᠤᠨ ᠰᠠᠷ᠎ᠠ ᠳᠤ 185 000 ᠣᠷᠴᠢᠮ ᠲᠣᠮᠣ ᠮᠠᠯ ᠦᠬᠦᠵᠦ ᠪᠠᠶᠢᠪᠠ᠃ ᠲᠣᠮᠣ ᠮᠠᠯ ᠤᠨ ᠵᠦᠢ ᠪᠤᠰᠤ ᠬᠣᠷᠣᠭᠳᠠᠯ ᠳᠤ ᠬᠣᠨᠢ 1.6 ᠰᠠᠶ᠎ᠠ᠂ ᠢᠮᠠᠭ᠎ᠠ 1.5 ᠰᠠᠶ᠎ᠠ ᠪᠠᠶᠢᠭᠰᠠᠨ ᠪᠣᠯ ᠦᠬᠡᠷ 307400᠂ ᠲᠡᠮᠡᠭᠡ 194700᠂ ᠦᠯᠡᠳᠡᠭᠰᠡᠨ ᠨᠢ ᠠᠳᠤᠭᠤ ᠪᠠᠶᠢᠨ᠎ᠠ᠃
ᠤᠯᠤᠰ ᠤᠨ ᠬᠡᠮᠵᠢᠶᠡᠨ ᠳᠦ 2022 ᠣᠨ ᠤ ᠡᠴᠦᠰ ᠲᠦ ᠲᠣᠭᠠᠯᠠᠭᠳᠠᠭᠰᠠᠨ ᠲᠥᠯᠯᠡᠬᠦ ᠨᠠᠰᠤᠨ ᠤ ᠨᠡᠶᠢᠲᠡ 30.9 ᠰᠠᠶ᠎ᠠ ᠬᠡᠭᠡᠯᠲᠦᠭᠴᠢ ᠮᠠᠯ ᠤᠨ 20.1 ᠰᠠᠶ᠎ᠠ︵65.3%︶ᠨᠢ 2023 ᠣᠨ ᠤ ᠡᠬᠢᠨ ᠦ ᠲᠠᠪᠤᠳᠤᠭᠠᠷ ᠰᠠᠷ᠎ᠠ ᠳᠤ ᠲᠥᠯᠯᠡᠭᠰᠡᠨ ᠪᠠᠶᠢᠨ᠎ᠠ᠃ ᠡᠮ᠎ᠡ ᠬᠣᠨᠢᠨ ᠤ 71.7 ᠬᠤᠪᠢ᠂ ᠡᠮ ᠢᠮᠠᠭᠠᠨ ᠤ 62.6 ᠬᠤᠪᠢ᠂ ᠦᠨᠢᠶ᠎ᠡ ᠶᠢᠨ 54.8 ᠬᠤᠪᠢ᠂ ᠭᠡᠭᠦᠦ ᠶᠢᠨ 44.1 ᠬᠤᠪᠢ ᠂ ᠢᠩᠭᠡᠨ ᠦ 33.3 ᠬᠤᠪᠢ ᠨᠢ ᠲᠥᠯᠯᠡᠵᠡᠢ᠃