ᠠᠽᠢᠶ᠎ᠠ ᠶᠢᠨ ᠬᠣᠲᠠ ᠨᠤᠭᠤᠳ ᠤᠨ ᠠᠷᠠᠳ ᠤᠨ ᠤᠷᠠᠯᠢᠭ᠂ ᠭᠠᠷ ᠤᠷᠠᠯᠠᠯ ᠤᠨ《Asia Folk 2023》ᠨᠠᠭᠠᠳᠤᠮ ᠢ ᠨᠡᠶᠢᠰᠯᠡᠯ ᠦᠨ ᠵᠠᠰᠠᠭ ᠳᠠᠷᠤᠭ᠎ᠠ ᠶᠢᠨ ᠢᠪᠡᠭᠡᠯ ᠳᠣᠣᠷ᠎ᠠ ᠵᠢᠷᠭᠤᠳᠤᠭᠠᠷ ᠰᠠᠷ᠎ᠠ ᠶᠢᠨ 15-20 ᠳᠦ ᠤᠯᠠᠭᠠᠨᠪᠠᠭᠠᠲᠤᠷ ᠲᠤ ᠵᠣᠬᠢᠶᠠᠨ ᠪᠠᠢᠭᠤᠯᠤᠨ᠎ᠠ᠃ ᠨᠠᠭᠠᠳᠤᠮ ᠤᠨ ᠲᠠᠯ᠎ᠠ ᠪᠠᠷ ᠵᠣᠬᠢᠶᠠᠨ ᠪᠠᠶᠢᠭᠤᠯᠤᠭᠴᠢᠳ ᠮᠡᠳᠡᠭᠡᠯᠡᠯ ᠥᠭᠭᠦᠯ᠎ᠡ᠃
ᠡᠨᠡ ᠤᠳᠠᠭ᠎ᠠ ᠶᠢᠨ ᠨᠠᠭᠠᠳᠤᠮ ᠳᠤ ᠬᠢᠲᠠᠳ᠂ ᠣᠷᠣᠰ᠂ ᠪᠦᠭᠦᠳᠡ ᠨᠠᠢᠷᠠᠮᠲᠠᠬᠤ ᠰᠤᠯᠤᠩᠭᠤᠰ ᠤᠯᠤᠰ᠂ ᠢᠨᠳᠤᠨᠢᠽ ᠂ ᠮᠠᠯᠠᠶᠢᠽ᠂ ᠹᠢᠯᠢᠫᠢᠨ᠂ ᠡᠨᠡᠳᠬᠡᠭ᠂ ᠶᠠᠫᠣᠨ᠂ ᠢᠷᠡᠨ᠂ ᠲᠠᠢᠯᠠᠨᠳ᠋᠂ ᠫᠤᠯᠠᠨᠳ᠋ ᠵᠡᠷᠭᠡ 22 ᠣᠷᠣᠨ ᠠᠴᠠ ᠪᠡᠶᠡᠴᠢᠯᠡᠨ 160᠂ ᠴᠠᠬᠢᠮ ᠢᠶᠠᠷ 120 ᠪᠤᠶᠤ ᠨᠡᠶᠢᠲᠡ 280 ᠭᠠᠷᠤᠢ ᠤᠷᠠᠨ ᠪᠦᠲᠦᠭᠡᠯᠴᠢ ᠣᠷᠣᠯᠴᠠᠬᠤ ᠪᠠᠷ ᠪᠦᠷᠢᠳᠬᠡᠭᠦᠯᠵᠡᠢ᠃ ᠮᠥᠨ ᠤᠯᠠᠭᠠᠨᠪᠠᠭᠠᠲᠤᠷ ᠬᠣᠲᠠ ᠶᠢᠨ ᠶᠢᠰᠦᠨ ᠳᠡᠭᠦᠷᠭᠡ ᠶᠢᠨ 300 ᠭᠠᠷᠤᠢ ᠵᠢᠵᠢᠭ᠂ ᠳᠤᠮᠳᠠ ᠦᠢᠯᠡᠳᠪᠦᠷᠢᠯᠡᠯ ᠡᠷᠬᠢᠯᠡᠭᠴᠢ᠂ ᠭᠠᠷ ᠤᠷᠠᠯᠠᠭᠠᠴᠢ ᠳᠤ ᠣᠷᠣᠯᠴᠠᠵᠤ ᠪᠠᠶᠢᠨ᠎ᠠ᠃