ᠤᠯᠤᠰ ᠤᠨ ᠬᠡᠮᠵᠢᠶᠡᠨ ᠳᠦ ᠲᠥᠯᠯᠡᠪᠡᠯ ᠵᠣᠬᠢᠬᠤ 27.9 ᠰᠠᠶ᠎ᠠ ᠮᠠᠯ ᠪᠠᠶᠢᠭ᠎ᠠ ᠠᠴᠠ 19.1 ᠰᠠᠶ᠎ᠠ ᠪᠤᠶᠤ 68.8 ᠬᠤᠪᠢ ᠨᠢ ᠲᠥᠯᠯᠡᠭᠡᠳ ᠪᠠᠶᠢᠭ᠎ᠠ ᠲᠠᠯ᠎ᠠ ᠪᠠᠷ ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠠᠴᠠ ᠮᠡᠳᠡᠭᠡᠯᠡᠯ᠎ᠡ᠃
ᠮᠠᠯ ᠲᠥᠯᠯᠡᠯᠲᠡ ᠶᠢ ᠪᠥᠰᠡ ᠪᠡᠷ ᠨᠢ ᠠᠪᠴᠤ ᠦᠵᠡᠪᠡᠯ᠄ ᠪᠠᠷᠠᠭᠤᠨ ᠪᠥᠰᠡ ᠳᠦ 59.8 ᠬᠤᠪᠢ᠂ ᠬᠠᠩᠭᠠᠢ ᠶᠢᠨ ᠪᠥᠰᠡ ᠳᠦ 79.1 ᠬᠤᠪᠢ᠂ ᠲᠥᠪ ᠦᠨ ᠪᠥᠰᠡ ᠳᠦ 61.0 ᠬᠤᠪᠢ᠂ ᠵᠡᠭᠦᠨ ᠪᠥᠰᠡ ᠳᠦ 70.2 ᠬᠤᠪᠢ ᠲᠠᠢ ᠪᠠᠶᠢᠨ᠎ᠠ᠃
ᠤᠯᠤᠰ ᠤᠨ ᠬᠡᠮᠵᠢᠶᠡᠨ ᠳᠦ 17 ᠰᠠᠶ᠎ᠠ ᠲᠥᠯ ᠪᠣᠶᠢᠵᠢᠵᠤ᠂ ᠲᠥᠯ ᠮᠠᠯ ᠤᠨ ᠪᠣᠶᠢᠵᠢᠯᠲᠠ 88.5 ᠬᠤᠪᠢ ᠲᠠᠢ ᠪᠠᠶᠢᠨ᠎ᠠ᠃ ᠡᠭᠦᠨ ᠡᠴᠡ ᠬᠠᠮᠤᠭ ᠤᠨ ᠶᠡᠬᠡ ᠪᠤᠶᠤ 71 ᠭᠠᠷᠤᠢ ᠬᠤᠪᠢ ᠨᠢ ᠬᠠᠩᠭᠠᠢ ᠶᠢᠨ ᠪᠥᠰᠡ ᠳᠦ ᠪᠣᠶᠢᠵᠢᠵᠤ ᠪᠠᠶᠢᠨ᠎ᠠ᠃