ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠵᠡᠪᠰᠡᠭ ᠬᠤᠷᠢᠶᠠᠬᠤ ᠠᠰᠠᠭᠤᠳᠠᠯ ᠡᠷᠬᠢᠯᠡᠭᠰᠡᠨ ᠣᠷᠣᠯᠠᠭᠴᠢ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠢᠽᠤᠮᠢ ᠨᠠᠺᠠᠮᠢᠼᠤ᠋ ᠮᠠᠨ ᠤ ᠤᠯᠤᠰ ᠲᠤ ᠠᠵᠢᠯ ᠤᠨ ᠠᠶᠢᠯᠴᠢᠯᠠᠯ ᠬᠢᠵᠦ᠂ ᠡᠨᠡ ᠦᠶ᠎ᠡ ᠪᠡᠷ ᠤᠯᠠᠭᠠᠨᠪᠠᠭᠠᠲᠤᠷ ᠬᠤᠲᠠ ᠳᠤ ᠡᠨᠡ ᠣᠨ ᠤ ᠵᠢᠷᠭᠤᠳᠤᠭᠠᠷ ᠰᠠᠷ᠎ᠠ ᠶᠢᠨ 15–16 ᠳᠤ ᠪᠣᠯᠬᠤ ᠵᠡᠭᠦᠨ ᠬᠤᠢᠳᠤ ᠠᠽᠢᠶ᠎ᠠ ᠶᠢᠨ ᠠᠶᠤᠯᠭᠦᠢ ᠪᠠᠶᠢᠳᠠᠯ ᠤᠨ ᠠᠰᠠᠭᠤᠳᠠᠯ ᠢᠶᠠᠷ《ᠤᠯᠠᠭᠠᠨᠪᠠᠭᠠᠲᠤᠷ ᠤᠨ ᠶᠠᠷᠢᠶ᠎ᠠ ᠬᠡᠯᠡᠯᠴᠡᠭᠡ》ᠣᠯᠠᠨ ᠤᠯᠤᠰ ᠤᠨ ᠨᠠᠢ᠌ᠮᠠᠳᠤᠭᠠᠷ ᠪᠠᠭ᠎ᠠ ᠬᠤᠷᠠᠯ ᠳᠤ ᠣᠷᠣᠯᠴᠠᠨ᠎ᠠ᠃
ᠮᠥᠨ ᠮᠣᠩᠭᠣᠯ ᠤᠯᠤᠰ ᠤᠨ ᠶᠡᠬᠡ ᠰᠤᠷᠭᠠᠭᠤᠯᠢ ᠳᠡᠭᠡᠷ᠎ᠡ ᠵᠠᠯᠠᠭᠤ ᠰᠤᠳᠤᠯᠤᠭᠠᠴᠢᠳ᠂ ᠤᠶᠤᠲᠠᠳ ᠲᠤ ᠵᠣᠷᠢᠭᠤᠯᠤᠨ《ᠣᠯᠠᠨ ᠤᠯᠤᠰ ᠤᠨ ᠪᠣᠯᠤᠨ ᠪᠥᠰᠡ ᠨᠤᠲᠤᠭ ᠤᠨ ᠵᠡᠪᠰᠡᠭ ᠬᠤᠷᠢᠶᠠᠬᠤ ᠣᠭᠲᠣᠯᠤᠯᠴᠠᠯ᠄ ᠢᠷᠡᠭᠡᠳᠦᠢ ᠶᠢᠨ ᠰᠣᠷᠢᠯᠲᠠ ᠪᠠ ᠪᠣᠯᠤᠮᠵᠢ ᠨᠤᠭᠤᠳ》 ᠰᠡᠳᠦᠪ ᠢᠶᠡᠷ ᠢᠯᠡᠳᠬᠡᠯ ᠲᠠᠯᠪᠢᠨ᠎ᠠ᠃ ᠲᠡᠭᠦᠨ ᠦ ᠡᠨᠡ ᠬᠦ ᠠᠶᠢᠯᠴᠢᠯᠠᠯ ᠨᠢ ᠣᠯᠠᠨ ᠤᠯᠤᠰ ᠤᠨ ᠡᠩᠬᠡ ᠲᠠᠶᠢᠪᠤᠩ᠂ ᠠᠶᠤᠯᠭᠦᠢ ᠪᠠᠶᠢᠳᠠᠯ᠂ ᠴᠥᠮ᠎ᠡ ᠶᠢᠨ ᠵᠡᠪᠰᠡᠭ ᠦᠭᠡᠢ ᠰᠲ᠋ᠠᠲ᠋ᠦ᠋ᠰ ᠢ ᠪᠡᠬᠢᠵᠢᠭᠦᠯᠬᠦ ᠦᠢᠯᠡᠰ ᠲᠦ ᠣᠷᠣᠭᠤᠯᠵᠤ ᠪᠤᠢ ᠮᠠᠨ ᠤ ᠤᠯᠤᠰ ᠤᠨ ᠬᠤᠪᠢ ᠨᠡᠮᠡᠷᠢ ᠶᠢ ᠦᠨᠡᠯᠡᠵᠦ ᠪᠤᠢ ᠬᠡᠷᠡᠭ ᠶᠤᠮ᠃