ᠬᠥᠪᠰᠥᠭᠥᠯ ᠠᠶᠢᠮᠠᠭ ᠤᠨ ᠪᠦᠷᠢᠨᠲᠤᠭᠲᠠᠬᠤ ᠰᠤᠮᠤ ᠶᠢᠨ ᠨᠤᠲᠤᠭ ᠲᠤ ᠪᠤᠢ ᠰᠢᠷᠤᠢ ᠶᠢᠨ ᠬᠡᠷᠡᠮ᠂ ᠠᠭᠤᠰᠬᠢ ᠶᠢᠨ ᠡᠪᠦᠷ ᠦᠨ ᠪᠤᠭᠤᠨ ᠴᠢᠯᠠᠭᠤᠨ ᠴᠣᠭᠴᠠᠯᠠᠪᠤᠷᠢ ᠬᠦᠰᠢᠶᠡᠨ ᠦ 3D ᠵᠢᠷᠤᠭᠯᠠᠯ᠂ ᠭᠠᠵᠠᠷ ᠤᠨ ᠳᠡᠪᠢᠰᠬᠡᠷ ᠵᠢᠷᠤᠭᠯᠠᠯ ᠢ ᠶᠠᠫᠣᠨ᠂ ᠮᠣᠩᠭᠣᠯ ᠤᠨ ᠡᠷᠳᠡᠮᠲᠡᠳ ᠬᠠᠮᠲᠤᠷᠠᠨ ᠳ᠋ᠷᠤᠨ ᠢᠶᠠᠷ ᠬᠢᠵᠦ ᠭᠦᠢᠴᠡᠳᠭᠡᠭᠰᠡᠨ ᠪᠠᠶᠢᠨ᠎ᠠ᠃
ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠠᠷᠬᠧᠣᠯᠣᠭᠢ ᠶᠢᠨ ᠬᠦᠷᠢᠶᠡᠯᠡᠩ ᠦᠨ ᠳ᠋ᠣᠺᠲ᠋ᠣᠷ ᠯ ∙ ᠢᠰᠢᠴᠡᠷᠡᠨ᠂ ᠳ᠋ᠣᠺᠲ᠋ᠣᠷ ᠪ ∙ ᠠᠩᠬᠠᠪᠠᠶᠠᠷ᠂ ᠳ ∙ ᠨᠠᠺᠠᠮᠤᠷᠠ᠂ ᠶᠠᠫᠣᠨ ᠤᠯᠤᠰ ᠤᠨ ᠰᠠᠢᠲ᠋ᠠᠮᠠ ᠶᠡᠬᠡ ᠰᠤᠷᠭᠠᠭᠤᠯᠢ ᠶᠢᠨ ᠪᠠᠭᠰᠢ᠂ ᠳ᠋ᠣᠺᠲ᠋ᠣᠷ᠂ ᠢ᠊ ∙ ᠦᠰᠦᠺᠢ᠂ ᠬᠤᠺᠺᠠᠢᠳᠤ᠋ ᠭᠠᠺᠤᠨ ᠶᠡᠬᠡ ᠰᠤᠷᠭᠠᠭᠤᠯᠢ ᠶᠢᠨ ᠪᠠᠭᠰᠢ᠂ ᠳ᠋ᠣᠺᠲ᠋ᠣᠷ᠂ ᠲᠣᠣᠺᠠᠢ ᠶᠡᠬᠡ ᠰᠤᠷᠭᠠᠭᠤᠯᠢ ᠶᠢᠨ ᠪᠠᠭᠰᠢ᠂ ᠳ᠋ᠣᠺᠲ᠋ᠣᠷ᠂ ᠺ ∙ ᠺᠢᠶᠠᠮᠠ ᠨᠠᠷ ᠣᠷᠣᠯᠴᠠᠭᠰᠠᠨ ᠪᠥᠭᠡᠳ ᠲᠤᠰ ᠭᠠᠵᠠᠷ ᠤᠳ ᠢ ᠴᠢᠨᠠᠭᠰᠢᠳᠠ ᠰᠤᠳᠤᠯᠬᠤ ᠪᠠᠷ ᠲᠥᠯᠥᠪᠯᠡᠵᠦ ᠪᠠᠶᠢᠭ᠎ᠠ ᠶᠤᠮ᠃
ᠮᠥᠷᠡᠨ ᠬᠣᠲᠠ ᠠᠴᠠ ᠪᠠᠷᠠᠭᠤᠨ ᠵᠦᠭ ᠲᠦ 18 ᠺᠢᠯᠣᠮᠧᠲ᠋ᠷ ᠵᠠᠢ ᠳᠤ ᠤᠯᠠᠭᠠᠨ ᠠᠭᠤᠰᠭᠢ ᠠᠭᠤᠯᠠ ᠶᠢᠨ ᠥᠪᠥᠷ ᠲᠦ ᠪᠤᠭᠤᠨ ᠬᠥᠰᠢᠶ᠎ᠡ ᠪᠣᠯᠤᠨ ᠬᠢᠷᠭᠢᠰᠦᠭᠦᠷ ᠦᠨ ᠲᠠᠬᠢᠯᠭ᠎ᠠ ᠶᠢᠨ ᠪᠠᠶᠢᠭᠤᠯᠤᠮᠵᠢ ᠶᠢᠨ ᠲᠣᠮᠣᠬᠠᠨ ᠴᠣᠭᠴᠠᠯᠠᠪᠤᠷᠢ᠂ ᠨᠢᠭᠡ ᠳᠣᠣᠷ᠎ᠠ 30 ᠣᠷᠴᠢᠮ ᠪᠤᠭᠤᠨ ᠬᠥᠰᠢᠶ᠎ᠡ ᠪᠤᠢ᠃ ᠡᠳᠡᠭᠡᠷ ᠬᠥᠰᠢᠶ᠎ᠡ ᠨᠢ ᠬᠣᠶᠢᠨᠠ ᠠᠴᠠ ᠪᠠᠨ ᠤᠷᠤᠭᠰᠢ ᠴᠤᠪᠤᠷᠠᠭᠰᠠᠨ ᠪᠠᠶᠢᠷᠢᠯᠠᠯ ᠲᠠᠢ ᠪᠠ ᠲᠡᠳᠡᠭᠡᠷ ᠦᠨ ᠡᠷᠭᠢᠨ ᠲᠣᠭᠣᠷᠢᠨ ᠳᠤ ᠪᠢᠲᠡᠭᠦᠦ ᠪᠣᠯᠤᠨ ᠴᠠᠭᠠᠷᠢᠭ ᠬᠡᠯᠪᠡᠷᠢ ᠶᠢᠨ ᠴᠢᠯᠠᠭᠤᠨ ᠳᠠᠷᠤᠭᠠᠰᠤᠲᠤ ᠣᠯᠠᠨ ᠲᠠᠬᠢᠯᠭ᠎ᠠ ᠶᠢᠨ ᠪᠠᠶᠢᠭᠤᠯᠤᠮᠵᠢ ᠨᠤᠭᠤᠳ ᠲᠠᠢ᠃ ᠡᠨᠡ ᠬᠦ ᠳᠤᠷᠠᠰᠬᠠᠯ ᠨᠢ ᠡᠸᠦ᠋ᠷᠤ᠋ ᠠᠽᠢ ᠶᠢᠨ ᠪᠤᠭᠤᠨ ᠴᠢᠯᠠᠭᠤᠨ ᠬᠦᠰᠢᠶᠡᠲᠦ ᠴᠣᠭᠴᠠᠯᠠᠪᠤᠷᠢ ᠳᠤᠷᠠᠰᠬᠠᠯ ᠤᠳ ᠡᠴᠡ ᠬᠠᠮᠤᠭ ᠤᠨ ᠣᠯᠠᠨ ᠬᠥᠰᠢᠶ᠎ᠡ ᠲᠡᠢ ᠨᠢ ᠶᠤᠮ᠃