ᠪᠦᠭᠦᠳᠡ ᠨᠠᠶᠢᠷᠠᠮᠳᠠᠬᠤ ᠺᠢᠷᠭᠢᠽᠲ᠋ᠠᠨ ᠤᠯᠤᠰ ᠤᠨ ᠭᠠᠳᠠᠭᠠᠳᠤ ᠬᠡᠷᠡᠭ ᠦᠨ ᠰᠠᠶᠢᠳ ᠵ ∙ᠺᠤᠯᠤᠪᠠᠶᠧ ᠡᠨᠡ ᠰᠠᠷ᠎ᠠ ᠶᠢᠨ 29-30 ᠳᠦ ᠮᠣᠩᠭᠣᠯ ᠤᠯᠤᠰ ᠲᠤ ᠠᠯᠪᠠᠨ ᠶᠣᠰᠣᠨ ᠤ ᠠᠶᠢᠯᠴᠢᠯᠠᠯ ᠬᠢᠨ᠎ᠡ᠃ ᠡᠨᠡ ᠬᠦ ᠠᠶᠢᠯᠴᠢᠯᠠᠯ ᠨᠢ ᠺᠢᠷᠭᠢᠽᠲ᠋ᠠᠨ ᠤᠯᠤᠰ ᠤᠨ ᠭᠠᠳᠠᠭᠠᠳᠤ ᠬᠡᠷᠡᠭ ᠦᠨ ᠰᠠᠶᠢᠳ ᠤᠨ 2013 ᠣᠨ ᠠᠴᠠ ᠬᠣᠶᠢᠰᠢ 10 ᠵᠢᠯ ᠦᠨ ᠳᠠᠷᠠᠭ᠎ᠠ ᠮᠠᠨ ᠤ ᠤᠯᠤᠰ ᠲᠤ ᠬᠢᠵᠦ ᠪᠤᠢ ᠠᠶᠢᠯᠴᠢᠯᠠᠯ ᠪᠥᠭᠡᠳ ᠲᠥᠪ ᠠᠽᠢᠶ᠎ᠠ ᠶᠢᠨ ᠤᠯᠤᠰ ᠣᠷᠣᠨ ᠨᠤᠭᠤᠳ ᠲᠠᠢ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠢᠳᠡᠪᠬᠢᠲᠡᠢ ᠬᠥᠭᠵᠢᠭᠦᠯᠬᠦ ᠪᠣᠳᠣᠯᠭ᠎ᠠ ᠶᠢᠨ ᠬᠦᠷᠢᠶᠡᠨ ᠳᠦ ᠬᠣᠶᠠᠷ ᠤᠯᠤᠰ ᠤᠨ ᠬᠠᠷᠢᠯᠴᠠᠭ᠎ᠠ ᠶᠢ ᠡᠳ᠋ ᠦᠨ ᠵᠠᠰᠠᠭ ᠤᠨ ᠠᠭᠤᠯᠭ᠎ᠠ ᠪᠠᠷ ᠪᠠᠶᠠᠵᠢᠭᠤᠯᠬᠤ᠂ ᠲᠡᠭᠡᠭᠡᠪᠦᠷᠢ᠂ ᠯᠤᠭᠢᠰᠲ᠋ᠢᠺ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ᠂ ᠠᠶᠠᠯᠠᠯ ᠵᠢᠭᠤᠯᠴᠢᠯᠠᠯ ᠤᠨ ᠰᠠᠯᠪᠤᠷᠢ ᠶᠢᠨ ᠬᠠᠮᠲᠤ ᠶᠢᠨ ᠠᠵᠢᠯᠯᠠᠭ᠎ᠠ ᠶᠢ ᠬᠥᠭᠵᠢᠭᠦᠯᠬᠦ ᠴᠢᠭᠯᠡᠯ ᠳᠦ ᠠᠬᠢᠴᠠ ᠭᠠᠷᠭᠠᠬᠤ ᠳᠤ ᠴᠢᠬᠤᠯᠠ ᠠᠴᠢ ᠬᠣᠯᠪᠣᠭᠳᠠᠯ ᠲᠠᠢ ᠪᠣᠯᠤᠨ᠎ᠠ᠃
ᠠᠶᠢᠯᠴᠢᠯᠠᠯ ᠤᠨ ᠬᠦᠷᠢᠶᠡᠨ ᠳᠦ ᠭᠠᠳᠠᠭᠠᠳᠤ ᠬᠠᠷᠢᠯᠴᠠᠭᠠᠨ ᠤ ᠰᠠᠶᠢᠳ ᠪ∙ᠪᠠᠲᠤᠴᠡᠴᠡᠭ ᠵ ∙ᠺᠤᠯᠤᠪᠠᠶᠧ ᠲᠠᠢ ᠠᠯᠪᠠᠨ ᠶᠣᠰᠣᠨ ᠤ ᠬᠡᠯᠡᠯᠴᠡᠭᠡ ᠬᠢᠨ᠎ᠡ᠃ ᠺᠢᠷᠭᠢᠽᠲ᠋ᠠᠨ ᠤ ᠭᠠᠳᠠᠭᠠᠳᠤ ᠬᠡᠷᠡᠭ ᠦᠨ ᠰᠠᠶᠢᠳ ᠶᠡᠷᠦᠩᠬᠡᠶᠢᠯᠡᠭᠴᠢ ᠤ᠊∙ᠬᠦᠷᠡᠯᠰᠦ᠋ᠬᠡ ᠳᠦ ᠪᠠᠷᠠᠭᠠᠯᠬᠠᠬᠤ ᠪᠠᠷ ᠲᠥᠯᠥᠪᠯᠡᠵᠦ ᠪᠠᠶᠢᠨ᠎ᠠ᠃