ᠬᠢᠲᠠᠳ ᠤᠨ ᠪᠣᠳᠣᠯᠭ᠎ᠠ ᠵᠣᠬᠢᠴᠠᠭᠤᠯᠤᠯᠲᠠ ᠶᠢᠨ ᠠᠷᠭ᠎ᠠ ᠬᠡᠮᠵᠢᠶᠡᠨ ᠡᠴᠡ ᠦᠯᠦ ᠬᠠᠮᠢᠶᠠᠷᠤᠨ ᠶᠤᠸᠠᠨ ᠤ ᠬᠠᠩᠰᠢ ᠶᠢᠨ ᠤᠨᠠᠯᠲᠠ ᠦᠷᠭᠦᠯᠵᠢᠯᠡᠬᠦ ᠲᠥᠯᠥᠪ ᠲᠡᠢ ᠪᠠᠶᠢᠭ᠎ᠠ ᠶᠢ Goldman Sachs ᠦᠨ ᠰᠢᠨᠵᠢᠭᠡᠴᠢᠳ ᠮᠡᠳᠡᠭᠡᠯᠡᠯ᠎ᠡ᠃ ᠢᠷᠡᠬᠦ ᠭᠤᠷᠪᠠᠨ ᠰᠠᠷ᠎ᠠ ᠶᠢᠨ ᠬᠤᠭᠤᠴᠠᠭᠠᠨ ᠳᠤ ᠶᠤᠸᠠᠨ ᠤ ᠳ᠋ᠣᠯᠯᠠᠷ ᠲᠠᠢ ᠬᠠᠷᠢᠴᠠᠬᠤ ᠬᠠᠩᠰᠢ 7.1 ᠶᠢ ᠳᠠᠪᠠᠨ᠎ᠠ ᠭᠡᠵᠦ ᠲᠣᠭᠠᠴᠠᠭᠠᠯᠠᠭᠰᠠᠨ ᠪᠠᠶᠢᠨ᠎ᠠ᠃ ᠠᠮᠧᠷᠢᠺᠠ ᠶᠢᠨ ᠦᠷᠢ ᠶᠢᠨ ᠬᠢᠵᠠᠭᠠᠷ ᠢ ᠰᠢᠨᠡᠴᠢᠯᠡᠬᠦ ᠶᠠᠷᠢᠶ᠎ᠠ ᠬᠡᠯᠡᠯᠴᠡᠭᠡᠷ ᠠᠬᠢᠴᠠ ᠲᠠᠢ ᠪᠠᠶᠢᠭ᠎ᠠ ᠲᠠᠢ ᠵᠡᠷᠭᠡᠴᠡᠭᠡᠳ ᠳ᠋ᠣᠯᠯᠠᠷ ᠤᠨ ᠬᠠᠩᠰᠢ ᠳᠠᠬᠢᠨ ᠴᠢᠩᠭᠠᠷᠠᠵᠤ ᠪᠠᠶᠢᠭ᠎ᠠ ᠨᠢ ᠬᠠᠩᠰᠢ ᠶᠢᠨ ᠤᠨᠠᠯᠲᠠ ᠳᠤ ᠭᠣᠣᠯᠴᠢᠯᠠᠨ ᠨᠥᠯᠦᠭᠡᠯᠡᠨ᠎ᠡ ᠭᠡᠵᠦ ᠰᠢᠨᠵᠢᠭᠡᠴᠢᠳ ᠦᠵᠡᠵᠦ ᠪᠠᠶᠢᠭ᠎ᠠ ᠶᠤᠮ᠃
ᠥᠩᠭᠡᠷᠡᠭᠰᠡᠨ ᠳᠣᠯᠣᠭ᠎ᠠ ᠬᠣᠨᠣᠭ ᠲᠤ ᠶᠤᠸᠠᠨ ᠤ ᠰᠫᠣᠲ ᠬᠠᠩᠰᠢ ᠳᠤᠯᠤᠭ᠎ᠠ ᠶᠢᠨ ᠲᠦᠪᠰᠢᠨ ᠢ ᠳᠠᠪᠠᠭᠠᠳ ᠪᠠᠶᠢᠭᠰᠠᠨ ᠨᠢ ᠥᠩᠭᠡᠷᠡᠭᠰᠡᠨ ᠣᠨ ᠤ 12 ᠳ᠋ᠤᠭᠠᠷ ᠰᠠᠷ᠎ᠠ ᠠᠴᠠ ᠬᠣᠶᠢᠰᠢᠬᠢ ᠳᠤᠤᠷᠠᠳᠤ ᠦᠵᠡᠭᠦᠯᠦᠯᠲᠡ ᠪᠣᠯᠵᠤ ᠪᠠᠶᠢᠭᠰᠠᠨ ᠶᠤᠮ᠃ ᠰᠡᠭᠦᠯ ᠦᠨ ᠡᠳᠦᠷ ᠦᠳ ᠲᠦ ᠤᠨᠠᠯᠲᠠ ᠲᠠᠢ ᠪᠠᠶᠢᠭᠰᠠᠨ《Bloomberg Dollar Spot Index》ᠡᠷᠭᠢᠨ ᠰᠡᠷᠭᠦᠭᠡᠳ ᠪᠠᠶᠢᠨ᠎ᠠ᠃