ᠮᠣᠩᠭᠣᠯ ᠤᠯᠤᠰ ᠤᠨ ᠶᠡᠬᠡ ᠬᠤᠷᠠᠯ ᠤᠨ ᠳᠡᠳ᠋ ᠳᠠᠷᠤᠭ᠎ᠠ ᠰ∙ᠣᠳᠣᠨᠲᠤᠶᠠᠭ᠎ᠠ ᠥᠨᠥᠳᠥᠷ ᠠᠮᠧᠷᠢᠺᠠ ᠶᠢᠨ ᠨᠢᠭᠡᠳᠦᠭᠰᠡᠨ ᠤᠯᠤᠰ ᠠᠴᠠ ᠮᠣᠩᠭᠣᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠷᠢᠴᠠᠷᠲ ᠪᠤᠩᠭᠠᠨ ᠢ ᠬᠦᠯᠢᠶᠡᠨ ᠠᠪᠴᠤ ᠠᠭᠤᠯᠵᠠᠨ᠂ ᠬᠣᠶᠠᠷ ᠣᠷᠣᠨ ᠤ ᠬᠠᠷᠢᠯᠴᠠᠭ᠎ᠠ᠂ ᠬᠤᠳᠠᠯᠳᠤᠭ᠎ᠠ᠂ ᠡᠳ᠋ ᠦᠨ ᠵᠠᠰᠠᠭ ᠤᠨ ᠬᠠᠮᠲᠤ ᠶᠢᠨ ᠠᠵᠢᠯᠯᠠᠭᠠᠨ ᠤ ᠲᠠᠯ᠎ᠠ ᠪᠠᠷ ᠰᠠᠨᠠᠯ ᠰᠣᠯᠢᠯᠴᠠᠯ᠎ᠠ᠃
ᠠᠭᠤᠯᠵᠠᠯᠲᠠ ᠶᠢᠨ ᠡᠬᠢᠨ ᠳᠦ᠂ ᠰ∙ᠣᠳᠣᠨᠲᠤᠶᠠᠭ᠎ᠠ᠂ ᠬᠦᠮᠦᠨ ᠦ ᠡᠷᠬᠡ᠂ ᠡᠷᠬᠡ ᠴᠢᠯᠦᠭᠡ᠂ ᠠᠷᠠᠳᠴᠢᠯᠠᠯ ᠤᠨ ᠨᠡᠶᠢᠲᠡᠯᠢᠭ ᠦᠨᠡᠲᠦ ᠵᠦᠢᠯᠡᠰ ᠲᠡᠢ ᠮᠠᠨ ᠤ ᠬᠣᠶᠠᠷ ᠤᠯᠤᠰ ᠦᠨ ᠬᠤᠭᠤᠷᠤᠨᠳᠤ ᠡᠳ᠋ ᠦᠨ ᠵᠠᠰᠠᠭ ᠤᠨ ᠬᠠᠮᠲᠤ ᠶᠢᠨ ᠠᠵᠢᠯᠯᠠᠭ᠎ᠠ ᠶᠢ ᠰᠢᠨ᠎ᠡ ᠴᠢᠭᠯᠡᠯ ᠢᠶᠡᠷ ᠥᠷᠭᠡᠵᠢᠭᠦᠯᠬᠦ᠂ ᠲᠤᠬᠠᠶᠢᠯᠠᠪᠠᠯ᠂ ᠨᠣᠣᠰᠣ ᠨᠤᠯᠤᠤᠷ᠂ ᠣᠶᠣᠮᠠᠯ ᠰᠦᠯᠵᠢᠮᠡᠯ ᠪᠦᠲᠦᠭᠡᠭᠳᠡᠬᠦᠨ ᠦ ᠡᠺᠰᠫᠣᠷᠲ ᠢ ᠨᠡᠮᠡᠭᠳᠡᠭᠦᠯᠬᠦ ᠳᠦ ᠬᠠᠮᠲᠤᠷᠠᠨ ᠠᠵᠢᠯᠯᠠᠬᠤ᠂ ᠬᠠᠤᠯᠢ ᠡᠷᠬᠡ ᠵᠦᠢ ᠶᠢᠨ ᠲᠠᠭᠠᠲᠠᠢ ᠣᠷᠴᠢᠨ ᠢ ᠪᠦᠷᠢᠳᠦᠭᠦᠯᠬᠦ ᠬᠦᠰᠡᠯ ᠲᠡᠢ ᠪᠠᠶᠢᠭ᠎ᠠ ᠪᠠᠨ ᠢᠯᠡᠷᠬᠡᠶᠢᠯᠡᠪᠡ᠃
ᠡᠯᠴᠢᠨ ᠰᠠᠶᠢᠳ ᠷᠢᠴᠠᠷᠲ ᠪᠤᠩᠭᠠᠨ ᠤ ᠬᠤᠪᠢ ᠳᠤ᠂ ᠡᠳ᠋ ᠦᠨ ᠵᠠᠰᠠᠭ ᠤᠨ ᠬᠠᠷᠢᠯᠴᠠᠭ᠎ᠠ ᠶᠢ ᠥᠷᠭᠡᠵᠢᠭᠦᠯᠵᠦ᠂ ᠬᠤᠳᠠᠯᠳᠤᠭᠠᠨ ᠤ ᠡᠷᠭᠢᠯᠲᠡ ᠶᠢ ᠨᠡᠮᠡᠭᠳᠡᠭᠦᠯᠬᠦ ᠳᠦ ᠪᠦᠬᠦ ᠲᠠᠯ᠎ᠠ ᠪᠠᠷ ᠳᠡᠮᠵᠢᠨ ᠠᠵᠢᠯᠯᠠᠬᠤ ᠳᠤ ᠪᠡᠯᠡᠨ ᠭᠡᠳᠡᠭ ᠢᠶᠡᠨ ᠳᠤᠷᠠᠳᠤᠭᠠᠳ ᠂ ᠮᠣᠩᠭᠣᠯ ᠤᠯᠤᠰ ᠪᠥᠰᠡ ᠨᠤᠲᠤᠭ ᠲᠤ ᠪᠠᠨ ᠠᠷᠠᠳᠴᠢᠯᠠᠯ ᠤᠨ ᠵᠠᠭᠪᠤᠷ ᠪᠣᠯᠬᠤᠶᠢᠴᠠ ᠣᠷᠣᠨ ᠭᠡᠳᠡᠭ ᠢ ᠣᠨᠴᠠᠯᠠᠭᠠᠳ᠂ ᠤᠯᠤᠰ ᠤᠨ ᠶᠡᠬᠡ ᠬᠤᠷᠠᠯ ᠤᠨ ᠳᠡᠳ᠋ ᠳᠠᠷᠤᠭ᠎ᠠ ᠶᠢᠨ ᠬᠤᠪᠢ ᠪᠠᠷ ᠬᠦᠮᠦᠨ ᠦ ᠡᠷᠬᠡ ᠶᠢ ᠬᠠᠮᠠᠭᠠᠯᠠᠬᠤ᠂ ᠵᠧᠨᠳᠧᠷ ᠦᠨ ᠮᠡᠳᠡᠷᠡᠮᠵᠢ ᠲᠡᠢ ᠬᠠᠤᠯᠢ ᠲᠣᠭᠲᠠᠭᠠᠮᠵᠢ ᠪᠠᠲᠤᠯᠠᠬᠤ ᠳᠤ ᠮᠠᠩᠯᠠᠶᠢᠯᠠᠨ ᠣᠷᠣᠯᠴᠠᠵᠤ ᠪᠠᠢᠭ᠎ᠠ ᠳᠤ ᠲᠠᠯᠠᠷᠬᠠᠯ ᠲᠠᠢ ᠬᠠᠨᠳᠤᠳᠠᠭ ᠢᠶᠠᠨ ᠤᠯᠠᠮᠵᠢᠯᠠᠭᠰᠠᠨ ᠶᠤᠮ᠃