ᠮᠣᠩᠭᠣᠯ ᠤᠯᠤᠰ᠂ ᠪᠦᠭᠦᠳᠡ ᠨᠠᠶᠢᠷᠠᠮᠳᠠᠬᠤ ᠹᠷᠠᠨᠼᠢ ᠤᠯᠤᠰ ᠤᠨ ᠶᠡᠷᠦᠩᠬᠡᠶᠢᠯᠡᠭᠴᠢ ᠨᠠᠷ ᠲᠥᠷᠥ ᠶᠢᠨ ᠣᠷᠳᠣᠨ ᠳᠤ ᠠᠯᠪᠠᠨ ᠶᠣᠰᠣᠨ ᠤ ᠬᠡᠯᠡᠯᠴᠡᠭᠡ ᠬᠢᠵᠦ᠂ ᠬᠣᠶᠠᠷ ᠤᠯᠤᠰ ᠤᠨ ᠬᠠᠷᠢᠯᠴᠠᠭ᠎ᠠ᠂ ᠬᠠᠮᠲᠤ ᠶᠢᠨ ᠠᠵᠢᠯᠯᠠᠭᠠᠨ ᠤ ᠲᠠᠯ᠎ᠠ ᠪᠠᠷ ᠬᠠᠷᠢᠯᠴᠠᠨ ᠰᠠᠨᠠᠯ ᠰᠣᠯᠢᠯᠴᠠᠭᠰᠠᠨ ᠤ ᠳᠠᠷᠠᠭ᠎ᠠ ᠬᠡᠪᠯᠡᠯ ᠮᠡᠳᠡᠭᠡᠯᠡᠯ ᠦᠨ ᠬᠢᠨ ᠳᠦ ᠬᠠᠨᠳᠤᠵᠤ ᠬᠡᠯᠡᠯᠴᠡᠭᠡᠨ ᠦ ᠦᠷ᠎ᠡ ᠳ᠋ᠦᠩ ᠦᠨ ᠲᠠᠯ᠎ᠠ ᠪᠠᠷ ᠮᠡᠳᠡᠭᠡᠯᠡᠯ ᠬᠢᠯ᠎ᠡ᠃
ᠮᠠᠺᠷᠣᠨ ᠡᠨᠡ ᠦᠶ᠎ᠡ ᠪᠡᠷ᠄ ᠪᠢᠳᠡᠨ ᠢ ᠬᠠᠯᠠᠭᠤᠨ ᠳᠤᠯᠠᠭᠠᠨ ᠢᠶᠠᠷ ᠬᠦᠯᠢᠶᠡᠨ ᠠᠪᠴᠤ᠂ ᠡᠨᠡ ᠬᠦ ᠲᠡᠦᠬᠡᠨ ᠠᠶᠢᠯᠴᠢᠯᠠᠯ ᠢ ᠵᠣᠬᠢᠶᠠᠨ ᠪᠠᠶᠢᠭᠤᠯᠵᠤ ᠪᠠᠶᠢᠭ᠎ᠠ ᠡᠷᠬᠢᠮ ᠶᠡᠷᠦᠩᠬᠡᠶᠢᠯᠡᠭᠴᠢ ᠤ᠊∙ᠬᠦᠷᠡᠯᠰᠦ᠋ᠬᠡ ᠲᠠᠨ ᠳᠤ ᠲᠠᠯᠠᠷᠬᠠᠯ ᠢᠯᠡᠷᠬᠡᠶᠢᠯᠡᠶ᠎ᠡ᠃ ᠲᠡᠷᠲᠡᠭᠡᠬᠢ 800 ᠵᠢᠯ ᠦᠨ ᠲᠡᠦᠬᠡ ᠪᠢᠳᠡᠨ ᠢ ᠬᠣᠯᠪᠣᠵᠤ ᠪᠠᠶᠢᠨ᠎ᠠ᠃ ᠠᠩᠬᠠᠨ ᠤ ᠬᠠᠷᠢᠯᠴᠠᠭ᠎ᠠ ᠶᠢ ᠲᠣᠭᠲᠠᠭᠠᠬᠤ ᠭᠡᠵᠦ ᠲᠡᠳᠡᠭᠡᠷ ᠬᠦᠮᠦᠰ ᠠᠶᠤᠯ ᠪᠦᠬᠦᠨ ᠢ ᠳᠠᠪᠠᠨ ᠲᠤᠭᠤᠯᠵᠤ᠂ ᠡᠷ᠎ᠡ ᠵᠣᠷᠢᠭ ᠢ ᠦᠵᠡᠭᠦᠯᠵᠦ᠂ ᠪᠦᠬᠦᠢ ᠯᠠ ᠰᠣᠷᠢᠯᠲᠠ ᠲᠤᠷᠰᠢᠯᠲᠠ ᠶᠢ ᠰᠢᠢᠳᠮᠡᠭᠡᠢ ᠰᠦᠷᠴᠦ ᠴᠢᠳᠠᠵᠠᠢ᠃ ᠣᠳᠣ ᠴᠤ ᠭᠡᠰᠡᠨ ᠪᠢᠳᠡᠨ ᠳᠦ ᠲᠤᠯᠭᠠᠷᠠᠭᠠᠳ ᠪᠤᠢ ᠨᠡᠶᠢᠲᠡᠯᠢᠭ ᠰᠣᠷᠢᠯᠲᠠ ᠨᠤᠭᠤᠳ ᠢ ᠡᠭᠦᠨ ᠲᠡᠢ ᠠᠳᠠᠯᠢ ᠰᠡᠳᠬᠢᠯ ᠢᠶᠡᠷ ᠳᠠᠪᠠᠨ ᠲᠤᠭᠤᠯᠤᠭᠠᠰᠠᠢ ᠭᠡᠵᠦ ᠪᠢ ᠬᠦᠰᠡᠵᠦ ᠪᠠᠶᠢᠨ᠎ᠠ᠃
ᠮᠢᠨᠦ ᠪᠡᠶ᠎ᠡ ᠶᠡᠷᠦᠩᠬᠡᠶᠢᠯᠡᠭᠴᠢ ᠲᠡᠢ ᠬᠡᠳᠦ ᠬᠡᠳᠦᠨ ᠠᠰᠠᠭᠤᠳᠠᠯ ᠤᠨ ᠲᠠᠯ᠎ᠠ ᠪᠠᠷ ᠶᠠᠷᠢᠯ᠎ᠠ᠃ ᠪᠢᠳᠡ ᠬᠡᠳᠦ ᠬᠡᠳᠦᠨ ᠲᠡᠩᠬᠡᠯᠢᠭ ᠦᠨ ᠳᠠᠭᠠᠤ ᠠᠵᠢᠯᠯᠠᠨ᠎ᠠ᠃ ᠮᠣᠩᠭᠣᠯ ᠤᠯᠤᠰ ᠨᠡᠭᠦᠷᠡᠰᠦᠨ ᠦ ᠬᠡᠷᠡᠭᠯᠡᠭᠡ ᠪᠡᠨ ᠠᠭᠠᠵᠢᠮ ᠢᠶᠠᠷ ᠪᠠᠭᠠᠰᠭᠠᠬᠤ᠂ ᠬᠦᠳᠡᠭᠡ ᠠᠵᠤ ᠠᠬᠤᠢ ᠶᠢ ᠠᠭᠤᠷ ᠠᠮᠢᠰᠬᠤᠯ ᠤᠨ ᠥᠭᠡᠷᠡᠴᠢᠯᠡᠯᠲᠡ ᠶᠢᠨ ᠬᠠᠮᠢᠶᠠᠷᠤᠯ ᠠᠴᠠ ᠭᠠᠷᠭᠠᠬᠤ᠂ ᠬᠦᠨᠡᠰᠦᠨ ᠦ ᠬᠠᠷᠢᠶᠠᠲᠤ ᠪᠤᠰᠤ ᠪᠠᠶᠢᠳᠠᠯ ᠢ ᠪᠤᠢ ᠪᠣᠯᠭᠠᠬᠤ᠂ ᠲᠡᠭᠦᠨᠴᠢᠯᠡᠨ ᠣᠯᠠᠨ ᠤᠯᠤᠰ ᠤᠨ ᠪᠠᠶᠢᠭᠤᠯᠤᠯᠭ᠎ᠠ ᠨᠤᠭᠤᠳ ᠲᠠᠢ ᠨᠢᠭᠲᠠ ᠬᠠᠮᠲᠤᠷᠠᠬᠤ ᠳᠤ ᠲᠤᠰᠠᠯᠠᠬᠤ ᠪᠣᠯᠤᠨ᠎ᠠ᠃ ᠡᠷᠴᠢᠮ ᠬᠦᠴᠦᠨ ᠦ ᠵᠠᠰᠠᠭᠯᠠᠯ ᠢᠶᠠᠨ ᠰᠠᠶᠢᠵᠢᠷᠠᠭᠤᠯᠬᠤ ᠳᠤ ᠹᠷᠠᠨᠼᠢ ᠤᠯᠤᠰ ᠲᠤᠰᠠᠯᠠᠬᠤ ᠳᠤ ᠪᠡᠯᠡᠨ ᠪᠠᠶᠢᠨ᠎ᠠ᠃ ᠪᠠᠶᠢᠭᠠᠯᠢ ᠣᠷᠴᠢᠨ ᠤ ᠰᠢᠯᠢᠳᠡᠭ ᠰᠲ᠋ᠠᠨᠳᠠᠷᠲ ᠢ ᠮᠥᠷᠳᠡᠨ ᠤᠯᠤᠰ ᠣᠷᠣᠨ ᠤ ᠬᠥᠭᠵᠢᠯ ᠳᠤ ᠬᠦᠴᠦᠲᠡᠢ ᠨᠥᠯᠥᠭᠡ ᠦᠵᠡᠭᠦᠯᠬᠦ ᠲᠥᠰᠥᠯ ᠦᠳ ᠢᠶᠡᠷ ᠳᠠᠮᠵᠢᠭᠤᠯᠤᠨ ᠮᠠᠨ ᠤ ᠤᠯᠤᠰ ᠲᠤ ᠨᠡᠩ ᠴᠢᠬᠤᠯᠠ ᠮᠧᠲ᠋ᠠᠯ ᠨᠡᠶᠢᠯᠡᠭᠦᠯᠦᠭᠰᠡᠨ ᠢᠶᠡᠷ ᠮᠣᠩᠭᠣᠯ ᠤᠯᠤᠰ ᠲᠤ ᠡᠷᠴᠢᠮ ᠬᠦᠴᠦᠨ ᠦ ᠡᠬᠢ ᠡᠭᠦᠰᠪᠦᠷᠢ ᠪᠡᠨ ᠪᠡᠬᠢᠵᠢᠭᠦᠯᠬᠦ ᠳᠦ ᠲᠤᠰᠠᠯᠠᠵᠤ ᠪᠣᠯᠬᠤᠶᠢᠴᠠ ᠪᠠᠶᠢᠨ᠎ᠠ᠃
ᠡᠨᠡ ᠵᠢᠯ ᠹᠷᠠᠨᠼᠢ ᠬᠡᠯᠡ ᠶᠢ ᠮᠣᠩᠭᠣᠯ ᠤᠯᠤᠰ ᠲᠤ ᠵᠢᠭᠠᠵᠤ ᠡᠬᠢᠯᠡᠭᠰᠡᠨ ᠦ 60 ᠵᠢᠯ ᠦᠨ ᠣᠢ ᠲᠣᠬᠢᠶᠠᠵᠤ ᠪᠠᠶᠢᠨ᠎ᠠ᠃ ᠲᠠᠯᠪᠢᠭᠰᠠᠨ ᠵᠣᠷᠢᠯᠲᠠ ᠳᠤ ᠪᠠᠨ ᠬᠦᠷᠬᠦ ᠶᠢᠨ ᠲᠤᠯᠠᠳᠠ ᠪᠢᠳᠡ ᠲᠡᠳᠬᠦᠯᠭᠡ ᠶᠢᠨ ᠬᠥᠲᠥᠯᠪᠦᠷᠢ ᠪᠣᠯᠪᠠᠰᠤᠷᠠᠭᠤᠯᠬᠤ ᠪᠥᠭᠡᠳ ᠤ᠊ ∙ ᠬᠦᠷᠡᠯᠰᠦ᠋ᠬᠡ ᠶᠡᠷᠦᠩᠬᠡᠶᠢᠯᠡᠭᠴᠢ ᠲᠠᠨ ᠤ ᠰᠠᠨᠠᠭᠠᠴᠢᠯᠠᠭᠰᠠᠨ ᠲᠡᠳᠬᠦᠯᠭᠡ ᠶᠢᠨ ᠬᠦᠷᠢᠶᠡᠨ ᠳᠦ ᠹᠷᠠᠨᠼᠢ᠂ ᠮᠣᠩᠭᠣᠯ ᠬᠣᠶᠠᠷ ᠤᠯᠤᠰ ᠤᠨ ᠬᠣᠭᠣᠷᠣᠨᠳᠣ ᠵᠣᠷᠴᠢᠬᠤ ᠨᠥᠬᠥᠴᠡᠯ ᠢ ᠬᠥᠩᠭᠡᠪᠴᠢᠯᠡᠬᠦ ᠳᠦ ᠠᠩᠬᠠᠷᠬᠤ ᠪᠣᠯᠤᠨ᠎ᠠ᠃
ᠪᠢᠳᠡ ᠲᠠᠨ ᠢ ᠢᠷᠡᠬᠦ ᠠᠷᠪᠠᠳᠤᠭᠠᠷ ᠰᠠᠷ᠎ᠠ ᠳᠤ ᠪᠦᠭᠦᠳᠡ ᠨᠠᠶᠢᠷᠠᠮᠳᠠᠬᠤ ᠹᠷᠠᠨᠼᠢ ᠤᠯᠤᠰ ᠲᠤ ᠤᠷᠢᠵᠤ ᠪᠠᠶᠢᠨ᠎ᠠ᠃ ᠡᠮᠦᠨ᠎ᠡ ᠨᠢ ᠵᠣᠬᠢᠶᠠᠭᠳᠠᠵᠤ ᠪᠠᠶᠢᠭ᠎ᠠ ᠦᠭᠡᠢ ᠴᠢᠩᠭᠢᠰ ᠬᠠᠭᠠᠨ ᠤ ᠦᠵᠡᠰᠬᠦᠯᠡᠩ ᠦᠨ ᠦᠶ᠎ᠡ ᠪᠡᠷ ᠠᠭᠤᠯᠵᠠᠬᠤ ᠳᠤ ᠪᠠᠨ ᠲᠤᠶᠢᠯ ᠤᠨ ᠪᠠᠶᠠᠷ ᠲᠠᠢ ᠪᠠᠶᠢᠬᠤ ᠪᠣᠯᠤᠨ᠎ᠠ᠃ ᠨᠣᠶᠠᠨ ᠶᠡᠷᠦᠩᠬᠡᠶᠢᠯᠡᠭᠴᠢ ᠡ᠂ ᠲᠠᠨ ᠳᠤ ᠪᠣᠯᠤᠨ ᠲᠠᠨ ᠤ ᠵᠠᠰᠠᠭ ᠤᠨ ᠭᠠᠵᠠᠷ ᠲᠤ ᠪᠠᠶᠠᠷᠯᠠᠯ᠎ᠠ᠃ ᠪᠢᠳᠡᠨ ᠢ ᠨᠠᠶᠢᠷᠰᠠᠭ ᠳᠣᠲᠣᠨᠣ ᠪᠠᠷ ᠬᠦᠯᠢᠶᠡᠨ ᠠᠪᠤᠭᠰᠠᠨ ᠳᠤ ᠳᠠᠬᠢᠨ ᠲᠠᠯᠠᠷᠬᠠᠯ ᠢᠯᠡᠷᠬᠡᠶᠢᠯᠡᠶ᠎ᠡ᠃ ᠪᠢᠳᠡᠨ ᠦ ᠲᠡᠦᠬᠡ ᠡᠮᠦᠨ᠎ᠡ ᠮᠢᠨᠢ ᠪᠠᠶᠢᠨ᠎ᠠ᠂ ᠪᠠᠶᠠᠷᠯᠠᠯ᠎ᠠ ᠭᠡᠯᠡ᠃