ᠡ᠊∙ᠴᠡᠨᠳᠡᠪᠠᠭᠠᠲᠤᠷ 04 ᠰᠠᠷ᠎ᠠ ᠶᠢᠨ 28 ᠳᠦ WBC ᠤᠨ ᠬᠤᠢᠳᠤ ᠠᠮᠧᠷᠢᠺᠠ ᠶᠢᠨ ᠠᠪᠤᠷᠭᠤ ᠶᠢᠨ ᠪᠥᠰᠡ ᠶᠢᠨ ᠲᠥᠯᠥᠭᠡ 59 ᠺᠢᠯᠦᠭᠷᠡᠮ ᠤᠨ ᠵᠢᠩ ᠳᠦ ᠮᠧᠺᠰᠢᠺᠤ ᠶᠢᠨ ᠪᠣᠺᠰᠴᠢᠨ ᠡᠳᠢ ᠸᠠᠯᠧᠨᠰᠢᠶᠠ ᠲᠠᠢ ᠲᠤᠯᠤᠯᠳᠤᠯ᠎ᠠ᠃ ᠡᠳᠢ ᠸᠠᠯᠧᠨᠰᠢᠶᠠ ᠨᠢ 32 ᠨᠠᠰᠤ ᠲᠠᠢ᠂ 2013 ᠣᠨ ᠳᠤ ᠮᠡᠷᠭᠡᠵᠢᠯ ᠤᠨ ᠪᠤᠺᠰ ᠤᠨ ᠰᠠᠯᠪᠤᠷᠢ ᠳᠤ ᠬᠥᠯ ᠲᠠᠯᠪᠢᠭᠰᠠᠨ᠃ ᠵᠠᠮᠨᠠᠯ ᠳᠤ ᠪᠠᠨ ᠨᠡᠶᠢᠲᠡ 36 ᠲᠤᠯᠤᠭᠠᠨ ᠬᠢᠵᠦ᠂ 20 ᠢᠯᠠᠵᠤ᠂ 9 ᠢᠯᠠᠭᠳᠠᠵᠤ᠂ 6 ᠲᠡᠩᠴᠡᠵᠦ᠂ 1 ᠲᠤᠯᠤᠭᠠᠨ ᠢᠶᠠᠨ ᠬᠦᠴᠦᠨ ᠦᠭᠡᠢ ᠳᠦ ᠲᠣᠭᠠᠴᠠᠭᠤᠯᠵᠤ ᠪᠠᠢᠵᠠᠢ᠃
ᠲᠡᠳᠡ ᠨᠢᠦ᠋ ᠶᠤᠷᠺ ᠬᠣᠲᠠ ᠶᠢᠨ Sony Hall ᠲᠠᠩᠬᠢᠮ ᠳᠤ ᠲᠤᠯᠤᠯᠳᠤᠵᠤ᠂ ᠡ᠊ ∙ ᠴᠡᠨᠳᠡᠪᠠᠭᠠᠲᠤᠷ ᠥᠷᠢᠰᠦᠯᠳᠦᠭᠴᠢ ᠪᠡᠨ ᠢᠯᠠᠪᠠ᠃ ᠡ᠊ ∙ ᠴᠡᠨᠳᠡᠪᠠᠭᠠᠲᠤᠷ ᠡᠨᠡ ᠣᠨ ᠤ ᠬᠣᠶᠠᠳᠤᠭᠠᠷ ᠰᠠᠷ᠎ᠠ ᠶᠢᠨ 24 ᠳᠦ ᠮᠡᠷᠭᠡᠵᠢᠯ ᠦᠨ ᠪᠣᠺᠰ ᠤᠨ ᠲᠤᠯᠤᠭᠠᠨ ᠬᠢᠵᠦ᠂ ᠥᠷᠢᠰᠦᠯᠳᠦᠭᠴᠢ ᠵᠢᠣᠸᠠᠨᠢ ᠭᠢᠲ᠋ᠧᠷᠷᠧᠽᠢ ᠶᠢ ᠬᠦᠨᠳᠦ ᠴᠣᠬᠢᠯᠲᠠ ᠪᠠᠷ ᠢᠯᠠᠭᠰᠠᠨ ᠶᠤᠮ᠃ ᠡᠶᠢᠨᠬᠦᠦ ᠲᠡᠷᠡ ᠮᠡᠷᠭᠡᠵᠢᠯ ᠦᠨ ᠪᠣᠺᠰ ᠤᠨ ᠳᠡᠪᠵᠢᠶᠡᠨ ᠳᠦ ᠵᠢᠷᠭᠤᠭ᠎ᠠ ᠳᠠᠷᠠᠭᠠᠯᠠᠨ ᠢᠯᠠᠯ᠎ᠠ᠃