ᠵᠢᠵᠢᠭ᠂ ᠳᠤᠮᠳᠠ ᠦᠢᠯᠡᠳᠪᠦᠷᠢ ᠶᠢ ᠬᠥᠭᠵᠢᠭᠦᠯᠬᠦ ᠰᠠᠩ ᠡᠭᠦᠰᠬᠡᠨ ᠪᠠᠢᠭᠤᠯᠤᠭᠳᠠᠭᠰᠠᠨ ᠠᠴᠠ ᠬᠣᠶᠢᠰᠢ ᠪᠤᠶᠤ 2009 – 2023 ᠣᠨ ᠬᠦᠷᠲᠡᠯᠡᠬᠢ ᠬᠤᠭᠤᠴᠠᠭᠠᠨ ᠳᠤ ᠨᠡᠶᠢᠲᠡ 8403 ᠲᠥᠰᠥᠯ ᠳᠦ᠂ 1011 ᠲᠡᠷᠪᠤᠮ ᠲᠥᠭᠥᠷᠢᠭ ᠦᠨ ᠵᠢᠭᠡᠯᠡ ᠣᠯᠭᠤᠭᠰᠠᠨ ᠪᠠᠶᠢᠨ᠎ᠠ᠃
ᠳᠥᠷᠪᠡᠳᠦᠭᠡᠷ ᠰᠠᠷ᠎ᠠ ᠶᠢᠨ 23 ᠤ ᠡᠳᠦᠷ ᠦᠨ ᠪᠠᠶᠢᠳᠠᠯ ᠢᠶᠠᠷ ᠨᠡᠶᠢᠲᠡ ᠵᠢᠭᠡᠯᠡᠳᠦᠭᠴᠢ ᠠᠵᠤ ᠠᠬᠤᠢ ᠨᠢᠭᠡᠴᠢ ᠨᠦᠭᠦᠳ ᠦᠨ 85% ᠨᠢ 735.3 ᠲᠡᠷᠪᠤᠮ ᠲᠥᠭᠥᠷᠢᠭ ᠦᠨ ᠵᠢᠭᠡᠯᠡ ᠪᠡᠨ ᠪᠦᠷᠢᠨ ᠲᠥᠯᠦᠵᠦ ᠪᠠᠷᠠᠭᠳᠠᠭᠤᠯᠤᠭᠰᠠᠨ ᠪᠠᠶᠢᠨ᠎ᠠ᠃
ᠰᠠᠩ ᠠᠴᠠ ᠰᠢᠭᠤᠳ ᠵᠢᠭᠡᠯᠡ ᠠᠪᠤᠭᠰᠠᠨ 912᠂ ᠪᠠᠩᠬᠢ ᠪᠠᠷ ᠳᠠᠮᠵᠢᠭᠤᠯᠤᠨ ᠵᠢᠭᠡᠯᠡ ᠠᠪᠤᠭᠰᠠᠨ 346 ᠵᠢᠭᠡᠯᠡᠳᠦᠭᠴᠢ ᠶᠢᠨ 210.2 ᠲᠡᠷᠪᠤᠮ ᠲᠥᠭᠥᠷᠢᠭ ᠦᠨ 1258 ᠢᠳᠡᠪᠬᠢᠲᠡᠢ ᠵᠢᠭᠡᠯᠡᠳᠦᠭᠴᠢ ᠪᠠᠶᠢᠨ᠎ᠠ᠃ ᠡᠳᠡᠭᠡᠷ ᠢᠳᠡᠪᠬᠢᠲᠡᠢ ᠵᠢᠭᠡᠯᠡᠳᠦᠭᠴᠢ ᠶᠢᠨ 438 ᠪᠤᠶᠤ 34.8 ᠨᠢ ᠮᠠᠭᠤ ᠵᠢᠭᠡᠯᠡᠳᠦᠭᠴᠢ ᠶᠢᠨ ᠠᠩᠭᠢᠯᠠᠯ ᠳᠤ ᠪᠠᠶᠢᠨ᠎ᠠ᠃