ᠮᠠᠨ ᠤ ᠤᠯᠤᠰ 2022 ᠣᠨ ᠳᠤ 1.1 ᠲᠡᠷᠪᠤᠮ ᠳ᠋ᠣᠯᠯᠠᠷ ᠤᠨ ᠦᠨ᠎ᠡ ᠪᠦᠬᠦᠢ ᠬᠦᠨᠡᠰᠦᠨ ᠦ ᠪᠦᠲᠦᠭᠡᠭᠳᠡᠬᠦᠨ ᠢ ᠭᠠᠳᠠᠭᠠᠳᠤ ᠠᠴᠠ ᠬᠤᠳᠠᠯᠳᠤᠵᠤ ᠠᠪᠤᠭᠰᠠᠨ ᠨᠢ ᠨᠡᠶᠢᠲᠡ ᠢᠮᠫᠣᠷᠲ ᠤᠨ 13-14 ᠬᠤᠪᠢ ᠳᠤ ᠡᠵᠡᠯᠡᠵᠦ ᠪᠠᠶᠢᠭ᠎ᠠ ᠶᠤᠮ᠃ ᠡᠨᠡ ᠨᠢ ᠬᠦᠨᠡᠰᠦᠨ ᠦ ᠪᠦᠲᠦᠭᠡᠭᠳᠡᠬᠦᠨ ᠦ ᠪᠡᠨ 50 ᠣᠷᠴᠢᠮ ᠬᠤᠪᠢ ᠶᠢ ᠢᠮᠫᠣᠷᠲ ᠢᠶᠠᠷ ᠠᠪᠳᠠᠭ ᠭᠡᠰᠡᠨ ᠦᠭᠡ᠃
ᠰᠣᠨᠢᠷᠬᠠᠭᠤᠯᠬᠤ ᠳᠤ᠂ ᠡᠨᠡ ᠣᠨ ᠤ ᠡᠬᠢᠨ ᠦ ᠤᠯᠠᠷᠢᠯ ᠳᠦ ᠢᠮᠫᠣᠷᠲ ᠡᠮᠦᠨᠡᠬᠢ ᠣᠨ ᠤ ᠮᠥᠨ ᠦᠶ᠎ᠡ ᠡᠴᠡ 248.9 ᠰᠠᠶ᠎ᠠ ᠳ᠋ᠣᠯᠯᠠᠷ ᠢᠶᠠᠷ ᠥᠰᠦᠭᠰᠡᠨ ᠪᠠᠶᠢᠨ᠎ᠠ᠃ ᠢᠮᠫᠣᠷᠲ ᠥᠰᠬᠦ ᠳᠦ ᠳ᠋ᠢᠽᠧᠯ ᠦᠨ ᠲᠦᠯᠡᠰᠢ 109.8 ᠰᠠᠶ᠎ᠠ ᠳ᠋ᠣᠯᠯᠠᠷ᠂ ᠠᠴᠢᠶᠠᠨ ᠤ ᠠᠦ᠋ᠲ᠋ᠣ᠋ ᠮᠠᠰᠢᠨ 56.6 ᠰᠠᠶ᠎ᠠ᠂ ᠨᠡᠶᠢᠲᠡ ᠶᠢᠨ ᠲᠡᠭᠡᠭᠡᠪᠦᠷᠢ ᠶᠢᠨ ᠢᠮᠫᠣᠷᠲ 22.3 ᠰᠠᠶ᠎ᠠ ᠳ᠋ᠣᠯᠯᠠᠷ ᠢᠶᠠᠷ ᠥᠰᠦᠭᠰᠡᠨ ᠨᠢ ᠭᠣᠣᠯᠯᠠᠨ ᠨᠥᠯᠦᠭᠡᠯᠡᠵᠡᠢ᠃