《ᠥᠪᠡᠷ ᠢ ᠪᠡᠨ ᠢᠯᠠᠬᠤ》ᠪᠦᠬᠦ ᠨᠡᠶᠢᠲᠡ ᠶᠢᠨ ᠭᠦᠶᠦᠯᠲᠡ ᠶᠢᠨ ᠲᠡᠮᠡᠴᠡᠭᠡᠨ ᠳᠠᠷᠬᠠᠨ ᠳᠤ ᠪᠣᠯᠤᠯ᠎ᠠ | News.MN

《ᠥᠪᠡᠷ ᠢ ᠪᠡᠨ ᠢᠯᠠᠬᠤ》ᠪᠦᠬᠦ ᠨᠡᠶᠢᠲᠡ ᠶᠢᠨ ᠭᠦᠶᠦᠯᠲᠡ ᠶᠢᠨ ᠲᠡᠮᠡᠴᠡᠭᠡᠨ ᠳᠠᠷᠬᠠᠨ ᠳᠤ ᠪᠣᠯᠤᠯ᠎ᠠ

ᠳᠠᠷᠬᠠᠨ ᠬᠤᠲᠠᠨ᠎ᠠ《ᠥᠪᠡᠷ ᠢ ᠪᠡᠨ ᠢᠯᠠᠬᠤ》ᠪᠦᠬᠦ ᠨᠡᠶᠢᠲᠡ ᠶᠢᠨ ᠭᠦᠶᠦᠯᠲᠡ ᠶᠢᠨ ᠲᠡᠮᠡᠴᠡᠭᠡᠨ ᠢ ᠳᠠᠷᠬᠠᠨ-ᠠᠭᠤᠯᠠ ᠠᠶᠢᠮᠠᠭ ᠤᠨ  ᠪᠡᠶ᠎ᠡ ᠶᠢᠨ ᠲᠠᠮᠢᠷ ᠰᠫᠤᠷᠲ ᠤᠨ ᠭᠠᠵᠠᠷ᠂ ᠱᠷᠢ ᠴᠢᠨᠮᠤᠢ ᠶᠢᠨ ᠮᠠᠷᠠᠹᠣᠨ ᠤ ᠪᠠᠭ ᠬᠠᠮᠲᠤᠷᠠᠨ ᠡᠨᠡ ᠰᠠᠷ᠎ᠠ ᠶᠢᠨ 22  ᠳᠤ ᠵᠣᠬᠢᠶᠠᠨ ᠪᠠᠶᠢᠭᠤᠯᠤᠯ᠎ᠠ᠃ ᠲᠤᠰ ᠲᠡᠮᠡᠴᠡᠭᠡᠨ ᠨᠢ 16 ᠳ᠋ᠠᠬᠢ ᠵᠢᠯ ᠳᠦ ᠪᠡᠨ ᠵᠣᠬᠢᠶᠠᠭᠳᠠᠵᠤ ᠪᠠᠶᠢᠭ᠎ᠠ ᠤᠯᠤᠰ ᠤᠨ ᠴᠢᠨᠠᠷᠲᠠᠢ ᠲᠣᠮᠣᠬᠠᠨ ᠮᠠᠷᠠᠹᠣᠨ ᠭᠦᠶᠦᠯᠲᠡ ᠪᠥᠭᠡᠳ ᠬᠦᠮᠦᠨ ᠠᠮᠠ ᠶᠢᠨ ᠡᠷᠡᠭᠦᠯ ᠮᠡᠨᠳᠦ ᠶᠢ ᠬᠠᠮᠠᠭᠠᠯᠠᠬᠤ᠂ ᠪᠦᠬᠦ ᠨᠡᠶᠢᠲᠡ ᠶᠢᠨ ᠭᠦᠶᠦᠯᠲᠡ ᠶᠢᠨ ᠰᠫᠣᠷᠲ ᠢ ᠬᠥᠭᠵᠢᠭᠦᠯᠬᠦ ᠳᠦ ᠬᠤᠪᠢ ᠨᠡᠮᠡᠷᠢ ᠤᠷᠤᠭᠤᠯᠬᠤ ᠵᠣᠷᠢᠯᠭ᠎ᠠ ᠲᠠᠢ ᠪᠢᠯᠡ᠃
ᠮᠠᠷᠠᠹᠣᠨ ᠤ ᠳᠦᠷᠪᠡᠨ ᠺᠢᠯᠣᠮᠧᠲ᠋ᠷ ᠦᠨ ᠵᠠᠢ ᠶᠢᠨ ᠠᠩᠭᠢᠯᠠᠯ ᠳᠤ ᠨᠠᠰᠤᠨ ᠤ ᠬᠤᠪᠢ ᠳᠤ 17  ᠠᠴᠠ ᠳᠣᠭᠣᠭᠰᠢ᠂ 18-49᠂ 50-59᠂ 60  ᠠᠴᠠ ᠳᠡᠭᠡᠭᠰᠢ ᠭᠡᠰᠡᠨ ᠳᠥᠷᠪᠡᠨ ᠨᠠᠰᠤᠨ ᠤ ᠠᠩᠭᠢᠯᠠᠯ ᠢᠶᠠᠷ᠂ 21 ᠺᠢᠯᠣᠮᠧᠲ᠋ᠷ ᠢ 50  ᠠᠴᠠ ᠳᠣᠭᠣᠭᠰᠢ ᠪᠠ 50  ᠠᠴᠠ ᠳᠡᠭᠡᠭᠰᠢ ᠭᠡᠰᠡᠨ ᠬᠣᠶᠠᠷ ᠨᠠᠰᠤᠨ ᠤ ᠠᠩᠭᠢᠯᠠᠯ ᠢᠶᠠᠷ ᠢᠯᠠᠭᠴᠢ ᠶᠢ ᠰᠢᠯᠭᠠᠷᠠᠭᠤᠯᠤᠯ᠎ᠠ᠃
ᠲᠡᠮᠡᠴᠡᠭᠡᠨ ᠳᠦ ᠤᠯᠠᠭᠠᠨᠪᠠᠭᠠᠲᠤᠷ᠂ ᠤᠪᠰᠤ᠂ ᠬᠣᠪᠳᠣ᠂ ᠰᠡᠯᠡᠩᠭᠡ᠂ ᠪᠤᠯᠠᠭᠠᠨ᠂ ᠳᠠᠷᠬᠠᠨ-ᠠᠭᠤᠯᠠ᠂ ᠪᠠᠶᠠᠨᠬᠣᠩᠭᠣᠷ᠂ ᠣᠷᠬᠣᠨ ᠠᠶᠢᠮᠠᠭ ᠤᠨ ᠨᠡᠶᠢᠲᠡ 150 ᠭᠠᠷᠤᠢ ᠭᠦᠶᠦᠭᠴᠢ ᠣᠷᠣᠯᠴᠠᠵᠠᠢ᠃ ᠰᠣᠨᠢᠷᠬᠠᠭᠤᠯᠬᠤ ᠳᠤ ᠲᠡᠮᠡᠴᠡᠭᠡᠨ ᠦ ᠬᠠᠮᠤᠭ ᠤᠨ ᠵᠠᠯᠠᠭᠤ ᠣᠷᠣᠯᠴᠠᠭᠴᠢ 11 ᠨᠠᠰᠤᠲᠠᠢ᠂ ᠬᠠᠮᠤᠭ ᠤᠨ ᠠᠬᠠᠮᠠᠳ ᠭᠦᠶᠦᠭᠴᠢ 72 ᠨᠠᠰᠤᠲᠠᠢ ᠪᠤᠭᠤᠷᠤᠯ ᠪᠠᠶᠢᠯ᠎ᠠ᠃

 

ᠰᠡᠳᠬᠢᠭᠳᠡᠯ ᠦᠯᠡᠳᠡᠭᠡᠬᠦ