2018-2019 ᠣᠨ ᠳᠤ ᠬᠠᠩᠭᠠᠷᠢ ᠶᠢᠨ ᠳᠣᠮᠣᠭᠲᠤ ᠬᠥᠯ ᠪᠥᠮᠪᠦᠭᠡᠴᠢ ᠹᠧᠷᠧᠨᠼ ᠫᠤᠱᠺᠠᠱ ᠤᠨ ᠨᠡᠷᠡᠮᠵᠢᠲᠦ ᠠᠺᠠᠳᠧᠮᠢ ᠳᠤ ᠰᠤᠷᠤᠯᠴᠠᠭᠰᠠᠨ ᠵᠢᠪᠬᠤᠯᠠᠩ ᠤᠨ ᠡᠷᠳᠡᠨᠢᠵᠤᠯᠪᠤᠭᠠ ᠬᠠᠩᠭᠠᠷᠢ ᠶᠢᠨ《BLSZ II》ᠯᠢᠭ ᠦᠨ《ᠱᠸᠠᠪᠾᠡᠳᠢᠵᠢ》ᠺᠯᠦ᠋ᠫ ᠲᠤ ᠲᠣᠭᠯᠠᠵᠤ ᠪᠠᠶᠢᠨ᠎ᠠ᠃
ᠡᠨᠡ ᠵᠢᠯ 21 ᠨᠠᠰᠤ ᠬᠦᠷᠬᠦ ᠲᠡᠷᠡᠪᠡᠷ ᠺᠯᠦ᠋ᠫ ᠦᠨ ᠢᠶᠡᠨ ᠨᠢᠭᠡᠳᠦᠭᠡᠷ ᠪᠠᠭ ᠤᠨ ᠲᠥᠯᠦᠭᠡᠬᠢ ᠠᠩᠬᠠᠨ ᠤ ᠭᠤᠤᠯᠢ ᠪᠠᠨ 04 ᠰᠠᠷ᠎ᠠ ᠶᠢᠨ 16 ᠳᠦ《 ᠰᠧᠨᠲ ᠫᠠᠯ ᠠᠺᠠᠳ᠋ᠸᠮᠢᠶᠠ》 ᠶᠢᠨ ᠡᠰᠡᠷᠭᠦ ᠬᠢᠭᠰᠡᠨ ᠲᠣᠭᠯᠠᠯᠲᠠ ᠶᠢᠨ 87 ᠳ᠋ᠡᠬᠢ ᠮᠢᠨᠦ᠋ᠲ ᠲᠤ ᠣᠷᠣᠭᠤᠯᠵᠤ ᠪᠠᠭ ᠨᠢ 7᠄1 ᠪᠡᠷ ᠬᠣᠵᠢᠯᠠ᠃ ᠵ ∙ ᠡᠷᠳᠡᠨᠢᠵᠤᠯᠪᠤᠭᠠ ᠲᠣᠭᠯᠠᠯᠲᠠ ᠶᠢ ᠵᠡᠭᠦᠨ ᠵᠢᠭᠦᠷ ᠦᠨ ᠬᠠᠮᠠᠭᠠᠯᠠᠭᠴᠢ ᠶᠢᠨ ᠡᠭᠦᠷᠭᠡ ᠲᠡᠢ ᠡᠬᠢᠯᠡᠭᠦᠯᠦᠭᠰᠡᠨ ᠴᠤ ᠬᠣᠶᠠᠳᠤᠭᠠᠷ ᠦᠶ᠎ᠡ ᠶᠢᠨ ᠳᠤᠮᠳᠠ ᠪᠠᠷ ᠵᠡᠭᠦᠨ ᠵᠢᠭᠦᠷ ᠦᠨ ᠳᠣᠪᠲᠣᠯᠤᠭᠴᠢ ᠪᠣᠯᠵᠤ᠂ ᠰᠡᠭᠦᠯᠴᠢ ᠶᠢᠨ ᠠᠷᠪᠠᠨ ᠮᠢᠨᠦ᠋ᠲ ᠲᠤ ᠲᠥᠪ ᠦᠨ ᠳᠣᠪᠲᠣᠯᠤᠭᠴᠢ ᠪᠠᠷ ᠲᠣᠭᠯᠠᠵᠠᠢ᠃