︽ᠲᠥᠰᠦᠪ ᠤᠨ ᠰᠢᠨᠡᠴᠢᠯᠡᠯ︾ᠰᠡᠳᠦᠪᠲᠦ ᠬᠡᠯᠡᠯᠴᠡᠭᠦᠯᠭᠡ ᠪᠯᠦᠰᠺᠠᠢ ᠵᠣᠴᠢᠳ ᠪᠠᠭᠤᠳᠠᠯ ᠳᠤ ᠪᠤᠯᠵᠤ ᠪᠠᠢᠨ᠎ᠠ᠃ ᠮᠣᠩᠭᠤᠯ ᠤᠯᠤᠰ ᠤᠨ ᠶᠡᠭᠡ ᠰᠤᠷᠭᠠᠭᠤᠯᠢ ᠶᠢᠨ ᠡᠳ᠋ ᠤᠨ ᠵᠠᠰᠠᠭ ᠤᠨ ᠰᠤᠳᠤᠯᠭᠠᠨ ᠰᠢᠨᠵᠢᠯᠡᠭᠡᠨ ᠤ ᠲᠥᠪ ᠤᠨ ᠵᠠᠬᠢᠷᠤᠯ᠂ ᠳ᠋ᠣᠺᠲ᠋ᠣᠷ ᠪ∙ᠲᠦᠪᠰᠢᠨᠲᠡᠭᠦᠰ ᠰᠡᠭᠦᠯ ᠤᠨ ᠠᠷᠪᠠᠨ ᠵᠢᠯ ᠳᠤ︽ᠲᠥᠰᠦᠪ ᠤᠨ ᠲᠣᠭᠲᠠᠪᠤᠷᠢᠲᠠᠶ ᠪᠠᠶᠢᠳᠠᠯ ᠤᠨ ᠲᠤᠬᠠᠢ︾ᠬᠠᠤᠯᠢ ᠬᠠᠮᠤᠬ ᠤᠨ ᠲᠣᠭᠲᠠᠪᠤᠷᠢ ᠦᠭᠡᠢ ᠪᠤᠶᠤ ᠣᠯᠠᠨ ᠤᠳᠠᠭ᠎ᠠ ᠥᠭᠡᠷᠡᠴᠢᠯᠡᠭᠳᠡᠭᠰᠡᠨ ᠲᠠᠯ᠎ᠠ ᠪᠠᠷ ᠢᠯᠡᠳᠬᠡᠯ ᠲᠠᠯᠪᠢᠪᠠ᠃ ᠲᠡᠭᠦᠨ ᠦ ᠤᠷᠰᠢᠭ ᠢᠶᠠᠷ ᠲᠡᠷᠡᠭᠠᠬᠢ ᠳᠥᠷᠪᠡᠨ ᠦᠵᠡᠭᠳᠡᠯ ᠪᠤᠢ ᠪᠣᠯᠣᠭᠰᠠᠨ ᠭᠡᠪᠡ᠄
1. ᠵᠠᠰᠠᠭ ᠤᠨ ᠭᠠᠵᠠᠷ ᠤᠨ ᠦᠷᠢ 31 ᠶᠡᠭᠡ ᠨᠠᠶᠤᠳ ᠲᠥᠭᠦᠷᠢᠭ ᠲᠤ ᠬᠦᠷᠴᠦ᠂ ᠳᠣᠲᠤᠭᠠᠳᠤ ᠶᠢᠨ ᠨᠡᠶᠢᠲᠡ ᠪᠦᠲᠦᠭᠡᠭᠳᠡᠬᠦᠨ ᠤ 60 ᠬᠤᠪᠢ ᠶᠢ ᠳᠠᠪᠠᠵᠠᠢ᠃
2.ᠲᠦᠰᠦᠪ ᠦᠨ ᠵᠠᠷᠤᠳᠠᠯ ᠣᠭᠵᠣᠮ ᠦᠰᠴᠡᠢ᠃ ᠢᠯᠠᠩᠭᠤᠶ᠎ᠠ 2012᠂2016᠂ 2020 ᠣᠨ ᠤ ᠰᠣᠩᠭᠤᠭᠤᠯᠢ ᠶᠢᠨ ᠡᠮᠦᠨ᠎ᠡ ᠢᠯᠡᠳᠲᠡ ᠥᠰᠦᠭᠰᠡᠨ᠃
3.ᠲᠦᠰᠦᠪ ᠦᠨ ᠭᠠᠳᠠᠭᠤᠷᠬᠢ ᠵᠠᠷᠤᠴᠠᠭᠤᠯᠤᠯᠲᠠ ᠦᠡᠳᠦᠷ᠃ ᠵᠥᠪᠬᠡᠨ 2021 ᠣᠨ ᠳᠤ 1.3 ᠶᠡᠭᠡ ᠨᠠᠶᠤᠳ ᠲᠥᠭᠦᠷᠢᠭ ᠢ ᠲᠥᠰᠦᠪ ᠤᠨ ᠭᠠᠳᠠᠭᠤᠷ ᠵᠠᠷᠤᠴᠠᠭᠤᠯᠤᠭᠰᠠᠨ᠃
4. ᠲᠦᠰᠦᠪ ᠦᠨ ᠣᠷᠣᠯᠭ᠎ᠠ ᠠᠯᠳᠠᠭᠳᠠᠯ᠂ ᠬᠡᠲᠦ ᠬᠡᠯᠪᠡᠯᠵᠡᠯ ᠲᠠᠢ ᠶᠠᠪᠤᠭᠰᠠᠭᠠᠷ ᠢᠷᠡᠭᠰᠡᠨ᠃ ᠲᠥᠰᠦᠪ ᠤᠨ ᠣᠷᠣᠯᠭ᠎ᠠ ᠪᠠᠨ ᠦᠡᠳᠦᠷ ᠲᠥᠰᠦᠭᠡᠯᠡᠳᠡᠭ᠃ ᠨᠡᠭᠦᠷᠡᠰᠦ᠂ ᠵᠡᠰ ᠤᠨ ᠦᠨ᠎ᠡ ᠶᠢ ᠲᠥᠰᠦᠪ ᠲᠦ ᠲᠠᠯᠪᠢᠬᠤ ᠳᠤ ᠪᠠᠨ ᠣᠯᠠᠨ ᠤᠯᠤᠰ ᠤᠨ ᠪᠠᠶᠢᠭᠤᠯᠤᠯᠭ᠎ᠠ ᠨᠤᠭᠤᠳ ᠠᠴᠠ ᠬᠠᠮᠤᠬ ᠤᠨ ᠥᠨᠳᠥᠷ ᠢᠶᠠᠷ ᠲᠠᠭᠠᠮᠠᠭᠯᠠᠭᠰᠠᠨ ᠲᠤᠭ᠎ᠠ ᠶᠢ ᠠᠪᠴᠢᠬᠠᠳᠠᠭ᠃ ᠭᠡᠲᠡᠯ᠎ᠡ ᠲᠥᠰᠦᠪ ᠤᠨ ᠭᠦᠢᠴᠡᠳᠬᠡᠯ ᠲᠦᠰᠦᠭᠡᠯᠡᠭᠰᠡᠨ ᠠᠴᠠ ᠳᠠᠩᠳᠠ ᠳᠤᠭᠤᠤᠷ ᠪᠠᠶᠢᠪᠠ᠃
5. ᠠᠯᠳᠠᠭᠳᠠᠯ ᠦᠡᠳᠦᠷ ᠪᠠᠶᠢᠬᠤ ᠲᠤᠰᠤᠮ ᠵᠠᠰᠠᠭ ᠤᠨ ᠭᠠᠵᠠᠷ ᠨᠡᠮᠡᠵᠦ ᠥᠷᠢ ᠲᠠᠯᠪᠢᠳᠠᠭ᠃ ᠥᠷᠢ ᠶᠢᠨ ᠳᠠᠷᠤᠮᠲᠠ ᠳᠤ ᠬᠦᠡᠵᠡᠭᠡᠢ ᠣᠷᠣᠳᠠᠭ᠃