ᠦᠪᠦᠷᠬᠠᠩᠭᠠᠢ ᠠᠢᠮᠠᠭ ᠠᠮᠠᠨ ᠰᠣᠶᠤᠯ ᠤᠨ ᠦᠨᠡᠲᠦ ᠥᠪ ᠪᠤᠯᠦᠠ ᠪᠡᠯᠭᠡ ᠳᠡᠮᠪᠡᠷᠢᠯ ᠤᠨ ᠦᠭᠡ ᠶᠢ ᠲᠦᠭᠡᠭᠡᠨ ᠳᠡᠯᠭᠡᠷᠡᠭᠦᠯᠬᠦ᠂ ᠦᠨᠳᠦᠰᠦᠨ ᠤ ᠪᠢᠴᠢᠭ ᠢᠶᠠᠷ ᠢᠶᠠᠨ ᠵᠥᠪ ᠰᠡᠶᠢᠬᠠᠠ ᠪᠢᠴᠢᠵᠦ ᠰᠤᠷᠬᠤ ᠶᠢ ᠣᠯᠠᠨ ᠨᠡᠶᠢᠲᠡ ᠳᠤ ᠤᠷᠢᠶᠠᠯᠠᠬᠤ᠂ ᠠᠪᠢᠶᠠᠰ ᠪᠢᠯᠢᠭ ᠢ ᠳᠡᠮᠵᠢᠨ ᠬᠥᠭᠵᠢᠭᠦᠯᠬᠦ ᠵᠣᠷᠢᠯᠭ᠎ᠠ ᠪᠠᠷ︽ᠪᠠᠶᠢᠨ᠎ᠠ ᠤᠤ︾ᠰᠡᠳᠦᠪᠲᠤ ᠤᠷᠤᠯᠳᠤᠭᠠᠨ ᠢ ᠠᠶᠢᠮᠠᠭ ᠤᠨ ᠰᠤᠶᠤᠯ ᠤᠨ ᠭᠠᠵᠠᠷ᠂ ᠪᠤᠯᠪᠠᠰᠤᠷᠠᠯ ᠰᠢᠨᠵᠢᠯᠡᠬᠦ ᠤᠬᠠᠭᠠᠨ ᠤ ᠭᠠᠵᠠᠷ ᠠᠴᠠ ᠵᠣᠬᠢᠶᠠᠨ ᠪᠠᠶᠢᠭᠤᠯᠵᠤ᠂ ᠰᠢᠯᠢᠳᠡᠭ ᠣᠷᠣᠯᠴᠠᠭᠴᠢᠳ ᠢ ᠰᠢᠯᠭᠠᠷᠠᠭᠤᠯᠤᠯ᠎ᠠ᠃
ᠤᠷᠤᠯᠳᠤᠭᠠᠨ ᠳᠤ ᠤᠷᠤᠯᠴᠠᠭᠰᠠᠳ ᠠᠪᠤ ᠡᠵᠢ᠂ ᠠᠬᠠᠨ ᠳᠡᠭᠦᠦᠰ᠂ ᠨᠤᠳᠤᠬ ᠨᠤᠭᠤ ᠶᠢᠨ ᠬᠢᠨ ᠳᠤ ᠪᠠᠨ ᠵᠣᠷᠢᠭᠤᠯᠤᠨ ᠦᠨᠳᠦᠰᠦᠨ ᠤ ᠪᠢᠴᠢᠭ ᠢᠶᠠᠷ ᠪᠡᠯᠭᠡ ᠳᠡᠮᠪᠡᠷᠢᠯ ᠦᠨ ᠦᠭᠡᠰ ᠪᠦᠬᠦᠢ ᠵᠠᠬᠢᠳᠠᠯ ᠢ ᠪᠢᠴᠢᠭᠰᠡᠨ ᠪᠥᠭᠡᠳ ᠵᠥᠪ᠂ ᠰᠡᠶᠢᠬᠠᠠ ᠪᠢᠴᠢᠵᠦ ᠪᠤᠶ ᠪᠠᠶᠢᠳᠠᠯ ᠢᠶᠠᠨ ᠳᠦᠷᠰᠦᠵᠢᠭᠦᠯᠦᠨ ᠬᠤᠯᠪᠦᠬᠳᠡᠬᠤ ᠪᠠᠶᠢᠭᠤᠯᠤᠯᠭ᠎ᠠ ᠤᠷᠤᠭᠤ ᠢᠯᠡᠭᠡᠭᠰᠡᠨ ᠶᠤᠮ᠃
ᠵᠠᠬᠢᠳᠠᠯ ᠤᠨ ᠤᠷᠤᠯᠳᠤᠭᠠᠨ ᠳᠤ 92 ᠪᠦᠲᠦᠭᠡᠯ ᠢᠷᠡᠭᠦᠯᠦᠭᠰᠡᠨ ᠠᠴᠠ ᠨᠠᠰᠤᠨ ᠳᠤ ᠬᠦᠷᠦᠭᠰᠡᠳ ᠤᠨ ᠠᠩᠭᠢᠯᠠᠯ ᠳᠤ ᠪᠠᠲᠤ – ᠥᠯᠵᠡᠶ ᠰᠤᠮᠤ ᠶᠢᠨ ᠢᠷᠭᠡᠠ ᠴ᠊·ᠪᠠᠭᠠᠰᠠᠩᠵᠠᠪ᠂ ᠠᠷᠪᠠᠢ ᠬᠡᠭᠡᠷ᠎ᠡ ᠰᠤᠮᠤ ᠶᠢᠨ ᠢᠷᠭᠡᠠ ᠪ∙ᠪᠠᠶᠠᠷᠮ᠎ᠠ᠂ ᠬᠠᠷᠠᠬᠤᠷᠢᠨ ᠰᠤᠮᠤ ᠶᠢᠨ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ ᠶᠢᠨ ᠪᠠᠭᠰᠢ ᠢ᠊·ᠴᠢᠯᠠᠭᠤᠨᠴᠡᠴᠡᠭ ᠡᠬᠢᠨ ᠤ ᠭᠤᠷᠪᠠᠨ ᠪᠠᠶᠢᠷᠢ ᠶᠢ ᠡᠵᠡᠯᠡᠯ᠎ᠡ᠃
ᠠᠬᠠᠯᠠᠬᠤ ᠠᠩᠭᠢ ᠶᠢᠨ ᠰᠤᠷᠤᠭᠴᠢᠳ ᠠᠴᠠ ᠬᠠᠷᠠᠬᠤᠷᠢᠨ ᠰᠤᠮᠤ ᠶᠢᠨ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ ᠶᠢᠨ ᠰᠤᠷᠤᠭᠴᠢ ᠪ ∙ ᠠᠷᠢᠭᠤᠨᠰᠠᠨᠠᠭᠠ᠂ ᠬᠤᠵᠢᠷᠲᠤ ᠰᠤᠮᠤ ᠶᠢᠨ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ ᠶᠢᠨ ᠰᠤᠷᠤᠭᠴᠢ ᠮ᠊ ∙ ᠴᠡᠭᠴᠡ᠂ ᠠᠷᠪᠠᠢ ᠬᠡᠭᠡᠷ᠎ᠡ ᠰᠤᠮᠤ ᠶᠢᠨ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ ᠶᠢᠨ ᠰᠤᠷᠤᠭᠴᠢ ᠨ᠊∙ ᠴᠠᠨᠴᠠᠯᠳᠢᠮᠠ ᠨᠠᠷ ᠡᠬᠢᠨ ᠤ ᠭᠤᠷᠪᠠᠨ ᠪᠠᠶᠢᠷᠢ ᠶᠢ ᠡᠵᠡᠯᠡᠵᠦ᠂ ᠲᠤᠰᠬᠠᠶ ᠪᠠᠶᠢᠷᠢᠨ ᠳᠤ ᠨᠠᠷᠢᠨᠲᠡᠭᠡᠯ ᠰᠤᠮᠤ ᠶᠢᠨ ᠢᠷᠭᠡᠠ ᠡ᠊ · ᠠᠷᠢᠭᠤᠨᠲᠤᠶᠠᠭ᠎ᠠ ᠰᠢᠯᠭᠠᠷᠠᠯ᠎ᠠ᠃