ᠢᠲ᠋ᠠᠯᠢ ᠶᠢᠨ ᠷᠣᠮᠠ ᠬᠤᠲᠠ ᠶᠢᠨ ᠳᠠᠭᠤᠷᠢ ᠶᠢᠨ ᠲᠢᠶᠠᠲᠷ ᠲᠤᠰ ᠤᠯᠤᠰ ᠤᠨ ᠲᠢᠶᠠᠲᠷ᠂ ᠺᠢᠨᠣ᠋ ᠶᠢᠨ ᠨᠡᠷᠡᠲᠦ ᠨᠠᠶᠢᠷᠠᠭᠤᠯᠤᠭᠴᠢ᠂ 1994-2001 ᠣᠨ ᠳᠤ ᠢᠲ᠋ᠠᠯᠢ ᠶᠢᠨ ᠫᠠᠷᠯᠠᠮᠧᠨ᠋ᠲ ᠤᠨ ᠲᠡᠭᠡᠳᠦ ᠲᠠᠩᠬᠢᠮ ᠤᠨ ᠭᠡᠰᠢᠭᠦᠨ ᠢᠶᠠᠷ ᠠᠵᠢᠯᠯᠠᠵᠤ ᠪᠠᠶᠢᠭᠰᠠᠨ ᠹᠷᠠᠩᠺᠤ ᠽᠧᠹᠹᠢᠷᠢᠯᠯᠢᠨ ᠦ ᠮᠡᠨᠳᠦᠯᠡᠭᠰᠡᠨ ᠤ 100 ᠵᠢᠯ ᠤᠨ ᠣᠢ ᠳᠤ ᠵᠣᠷᠢᠭᠤᠯᠤᠨ ᠬᠥᠭᠵᠢᠮ ᠤᠨ ᠵᠣᠬᠢᠶᠠᠯᠴᠢ ᠷ᠊ ·ᠯᠶᠤᠨᠺᠠᠸᠠᠯᠯᠤ᠋ ᠶᠢᠨ︽ᠬᠡᠷᠦᠮᠡᠯ ᠵᠦᠴᠦᠭᠡᠴᠢᠳ︾ ᠲᠠᠭᠤᠷᠢ ᠶᠢ ᠨᠠᠶᠢᠷᠠᠭᠤᠯᠤᠭᠴᠢ ᠶᠢᠨ ᠰᠢᠢᠳᠦᠯ ᠢᠶᠠᠷ ᠲᠣᠭᠯᠠᠬᠤ ᠳᠣᠯᠤᠭ᠎ᠠ ᠬᠤᠨᠤᠭ ᠵᠠᠷᠯᠠᠭᠰᠠᠨ ᠪᠠᠶᠢᠨ᠎ᠡ᠃
ᠢᠩᠭᠢᠬᠦ ᠳᠤ ᠪᠠᠨ ᠤᠭ ᠲᠣᠭᠯᠠᠯᠲᠠ ᠶᠢᠨ ᠨᠡᠭᠡᠭᠡᠯᠲᠡ ᠶᠢᠨ ᠲᠤᠨᠢᠶᠤ᠋ ᠶᠢᠨ ᠳᠦᠷᠢ ᠳᠤ ᠠᠷᠠᠳ ᠤᠨ ᠵᠦᠴᠦᠭᠡᠴᠢᠨ ᠡ᠊·ᠠᠮᠤᠷᠲᠦ᠋ᠪᠰᠢᠨ ᠢ ᠤᠷᠢᠵᠤ ᠳᠠᠭᠤᠯᠠᠭᠤᠯᠵᠠᠢ᠃ ᠭᠤᠳᠤᠮᠵᠢᠨ ᠤ ᠵᠦᠴᠦᠭᠡᠴᠢᠳ᠂ ᠼᠢᠷᠺᠴᠢᠳ᠂ ᠠᠯᠢᠶᠠᠯᠠᠭᠴᠢᠳ ᠲᠠᠶᠢᠰᠠ ᠲᠦᠬᠦᠷᠡᠩ ᠪᠤᠵᠢᠭᠢᠨᠠᠭᠰᠠᠨ ᠪᠠᠶᠢᠳᠠᠯ ᠢᠶᠠᠷ ᠨᠠᠶᠢᠷᠠᠭᠤᠯᠤᠭᠰᠠᠨ ︽ᠬᠡᠷᠡᠮᠡᠯ ᠵᠦᠴᠦᠭᠡᠴᠢᠳ︾ ᠶᠢᠨ ᠡᠨᠡ ᠤᠳᠠᠭ᠎ᠠ ᠶᠢᠨ ᠲᠣᠭᠯᠠᠯᠲᠠ ᠶᠢ ᠲᠡᠦᠬᠡᠨ ᠬᠡᠮᠡᠨ ᠲᠣᠳᠣᠷᠬᠠᠶᠢᠯᠠᠵᠤ ᠪᠤᠢ ᠶᠤᠮ᠃