ᠡᠨᠡ ᠣᠨ ᠤ ᠨᠢᠭᠡᠳᠦᠭᠡᠷ ᠰᠠᠷ᠎ᠠ ᠳᠦ ᠪᠠᠭᠠᠨᠠᠭᠤᠷ ᠲᠡᠭᠦᠷᠭᠡ ᠶᠢᠨ ᠮᠥᠰᠦᠨ ᠲᠠᠯᠠᠪᠠᠢ ᠳᠤ ᠨᠡᠭᠡᠭᠡᠯᠲᠡ ᠪᠠᠨ ᠬᠢᠵᠦ ᠡᠬᠢᠯᠡᠭᠰᠡᠨ ᠮᠣᠩᠭᠣᠯ ᠤᠨ ᠬᠤᠺᠺᠸᠢᠨ ᠬᠤᠯᠪᠤᠭᠠᠨ ᠤ ᠯᠢᠭ ᠤᠨ ᠲᠡᠮᠡᠴᠡᠭᠡᠨ ᠰᠠᠶ᠋ᠢᠬᠠᠨ ᠪᠣᠯᠵᠤ ᠥᠨᠳᠥᠷᠯᠡᠭᠰᠡᠨ ᠪᠠᠶᠢᠨ᠎ᠡ᠃ ᠲᠡᠮᠡᠴᠡᠭᠡᠨ ᠤ ᠰᠢᠯᠢᠳᠡᠭ ᠳᠣᠪᠲᠣᠯᠤᠭᠴᠢ ᠪᠠᠷ︽ᠣᠳᠬᠤᠨ ᠣᠳᠤ︾ᠺᠯᠦ᠋ᠪ ᠤᠨ ᠪᠯᠠᠰᠲ ᠪᠠᠭ ᠤᠨ ᠳᠣᠪᠲᠣᠯᠤᠭᠴᠢ ᠠ᠊ · ᠪᠠᠲᠤ13 ᠭᠤᠤᠯᠢ ᠪᠠᠷ᠂ ᠰᠢᠯᠢᠳᠡᠭ ᠬᠠᠮᠡᠭᠠᠯᠡᠬᠴᠢ ᠪᠠᠷ ᠡᠷᠳᠡᠨᠢᠲᠦ ᠶᠢᠨ︽ᠬᠠᠨ ᠭᠠᠷᠤᠳᠢ︾ᠪᠠᠭ ᠤᠨ ᠬᠠᠮᠡᠭᠠᠯᠡᠬᠴᠢ ᠠ᠊ · ᠪᠤᠭᠳᠠᠨᠤᠸ᠋᠂ ᠰᠢᠯᠢᠳᠡᠭ ᠬᠠᠭᠠᠯᠭᠠᠴᠢ ᠪᠠᠷ ᠪᠯᠠᠰᠲ ᠪᠠᠭ ᠤᠨ ᠬᠠᠭᠠᠯᠭᠠᠴᠢ ᠪ ∙ ᠮᠥᠩᠬᠡᠪᠣᠯᠣᠳ ᠨᠠᠷ ᠲᠡᠷᠢᠭᠦᠯᠡᠭᠰᠡᠨ ᠪᠠᠶᠢᠨ᠎ᠡ᠃
ᠬᠠᠷᠢᠨ ᠲᠤᠰ ᠲᠡᠮᠡᠴᠡᠭᠡᠨ ᠤ ᠰᠢᠯᠢᠳᠡᠭ ᠤᠳ ᠢ ᠮᠣᠩᠭᠣᠯ ᠤᠨ ᠬᠤᠺᠺᠸᠢᠨ ᠬᠤᠯᠪᠤᠭᠠᠨ ᠤ ᠲᠡᠷᠢᠬᠦᠠ᠂ ᠰᠠᠩ ᠤᠨ ᠶᠠᠮᠤᠨ ᠤ ᠰᠠᠢᠳ ᠪ ∙ ᠵᠢᠪᠬᠤᠯᠠᠩ 100 ᠮᠢᠩᠭᠠᠨ ᠲᠥᠭᠦᠷᠢᠭ ᠢᠶᠠᠷ ᠱᠠᠩᠨᠠᠵᠤ᠂ ᠤᠷᠮᠠᠰᠢᠭᠤᠯᠤᠭᠰᠠᠨ ᠨᠢ ᠣᠯᠠᠨ ᠤ ᠰᠢᠭᠦᠮᠵᠢᠯᠡᠯ ᠳᠤ ᠥᠷᠲᠥᠭᠡᠳ ᠪᠠᠶᠢᠨ᠎ᠡ᠃ ᠲᠣᠳᠣᠷᠠᠭᠤᠯᠪᠠᠯ᠂ ᠵᠠᠷᠢᠮ ᠢᠷᠭᠡᠳ 30 ᠳ᠋ᠣᠯᠯᠠᠷ ᠬᠦᠷᠬᠦ ᠦᠭᠡᠢ ᠮᠥᠩᠭᠦ ᠪᠠᠷ ᠨᠢᠭᠡ ᠬᠤᠨᠢᠨ ᠤ ᠰᠢᠯᠪᠢ ᠴᠤ ᠠᠪᠴᠤ ᠬᠦᠷᠬᠦ ᠦᠭᠡᠢ ᠬᠡᠮᠡᠵᠡᠢ᠃