ᠪᠠᠶᠠᠨ ᠥᠯᠥᠭᠡᠶ ᠥᠯᠥᠭᠡᠶ ᠠᠶᠢᠮᠠᠭ ᠤᠨ ᠰᠤᠶᠦᠯ᠂ ᠤᠷᠠᠯᠢᠭ ᠤᠨ ᠭᠠᠵᠠᠷ ᠠᠴᠠ ᠪᠢᠯᠢᠭ ᠤᠨ ᠲᠣᠭᠠᠯᠠᠯ ᠤᠨ ᠠᠷᠪᠠᠨ ᠳᠤᠯᠤᠳᠤᠭᠠᠷ ᠵᠢᠷᠠᠨ ᠤ ᠬᠠᠷᠠᠭᠴᠢᠨ ᠲᠠᠤᠯᠠᠢ ᠵᠢᠯ ᠤᠨ ᠰᠠᠷ᠎ᠠ ᠰᠢᠨ᠎ᠡ ᠶᠢᠨ ᠪᠠᠶᠠᠷ ᠢ ᠲᠣᠬᠢᠶᠠᠯᠳᠤᠭᠤᠯᠤᠨ︽ᠭᠡᠷ ᠪᠦᠯᠢ ᠪᠠᠷ ᠢᠶᠠᠨ ᠦᠨᠳᠦᠰᠦᠨ ᠤ ᠬᠤᠪᠴᠠᠰᠤ ᠪᠠᠷ ᠭᠤᠶᠤᠯᠠᠵᠠᠭᠠᠶᠠ︾ᠤᠷᠤᠯᠳᠤᠭᠠᠨ ᠵᠣᠬᠢᠶᠠᠨ ᠪᠠᠶᠢᠭᠤᠯᠤᠯ᠎ᠠ᠃
ᠦᠨᠳᠦᠰᠦᠨ ᠤ ᠥᠪ ᠰᠣᠶᠣᠯ ᠢ ᠲᠦᠭᠡᠭᠡᠨ ᠳᠡᠯᠭᠡᠷᠡᠭᠦᠯᠬᠦ᠂ ᠰᠤᠷᠲᠠᠯᠴᠢᠯᠠᠨ ᠲᠠᠨᠢᠭᠤᠯᠬᠤ ᠵᠣᠷᠢᠯᠭ᠎ᠠ ᠲᠠᠢ ᠤᠭ ᠤᠷᠤᠯᠳᠤᠭᠠᠨ ᠳᠤ 8 ᠭᠡᠷ ᠪᠦᠯᠢ ᠣᠷᠣᠯᠴᠠᠭᠰᠠᠨ ᠠᠴᠠ ᠰᠢᠭᠦᠭᠴᠢᠳ ᠤᠨ ᠰᠢᠢᠳᠪᠦᠷᠢ ᠪᠠᠷ ᠵ᠊ · ᠢᠳᠡᠷ ᠤᠨ ᠭᠡᠷ ᠪᠦᠯᠢ ᠲᠡᠷᠢᠬᠦᠠ ᠪᠠᠶᠢᠷᠢ᠂ ᠪ ∙ ᠪᠠᠲᠤᠸ᠋ᠴᠢᠷ ᠤᠨ ᠭᠡᠷ ᠪᠦᠯᠢ ᠳᠡᠳ᠋ ᠪᠠᠶᠢᠷᠢ᠂ ᠬ᠊ · ᠴᠣᠭᠲᠤᠪᠠᠶᠠᠷ ᠤᠨ ᠭᠡᠷ ᠪᠦᠯᠢ ᠭᠤᠲᠠᠭᠠᠷ ᠪᠠᠶᠢᠷᠢ ᠳᠤ ᠰᠢᠯᠭᠠᠷᠠᠪᠠ᠃