ᠲᠠᠪᠤᠨᠲᠣᠯᠣᠭᠠᠢ-ᠭᠠᠰᠢᠭᠤᠨᠰᠤᠬᠠᠢᠲᠤ ᠴᠢᠭᠯᠡᠯ ᠦᠨ ᠲᠡᠮᠦᠷ ᠵᠠᠮ ᠢ ᠥᠩᠭᠡᠷᠡᠭᠰᠡᠨ ᠶᠢᠰᠦᠳᠦᠭᠡᠷ ᠰᠠᠷ᠎ᠠ ᠳᠤ ᠠᠰᠢᠭᠯᠠᠯᠲᠠ ᠳᠤ ᠣᠷᠣᠭᠤᠯᠵᠤ᠂ ᠨᠡᠭᠦᠷᠡᠰᠦ ᠪᠡᠨ ᠵᠥᠭᠡᠭᠡᠵᠦ ᠡᠬᠢᠯᠡᠭᠰᠡᠨ ᠪᠤᠯᠪᠠᠴᠤ ᠬᠢᠲᠠᠳ ᠤᠨ ᠲᠡᠮᠦᠷ ᠵᠠᠮ ᠲᠠᠢ ᠬᠣᠯᠪᠣᠭ᠎ᠠ ᠦᠭᠡᠢ ᠪᠠᠶᠢᠭ᠎ᠠ ᠶᠤᠮ᠃ ᠬᠣᠯᠪᠣᠯᠲᠠ ᠶᠢᠨ ᠴᠡᠭ ᠢᠶᠡᠨ ᠲᠣᠬᠢᠷᠠᠭᠰᠠᠨ ᠴᠤ ᠬᠡᠷᠬᠢᠨ ᠬᠤᠯᠪᠤᠬᠤ ᠨᠢ ᠣᠳᠣ ᠪᠠᠷ ᠲᠣᠳᠣᠷᠬᠠᠢ ᠦᠭᠡᠢ ᠪᠠᠶᠢᠨ᠎ᠠ᠃
ᠢᠩᠭᠢᠭᠡᠳ《ᠲᠠᠪᠤᠨᠲᠣᠯᠣᠭᠠᠢ》ᠲᠡᠮᠦᠷ ᠵᠠᠮ ᠺᠤᠮᠫᠠᠨᠢ ᠭᠠᠰᠢᠭᠤᠨᠰᠤᠬᠠᠢᠲᠤ – ᠭᠠᠭᠴᠠᠮᠤᠳᠤ ᠪᠣᠭᠣᠮᠲᠠ ᠶᠢᠨ ᠬᠢᠯᠢ ᠳᠠᠮᠨᠠᠭᠰᠠᠨ ᠲᠡᠮᠦᠷ ᠵᠠᠮ ᠤᠨ ᠲᠧᠭᠨᠢᠭ ᠡᠳ᠋ ᠦᠨ ᠵᠠᠰᠠᠭ ᠤᠨ ᠦᠨᠳᠦᠰᠦᠯᠡᠯ︵ТЭЗҮ︶᠂ ᠢᠵᠢ ᠪᠦᠷᠢᠨ ᠠᠵᠢᠯ ᠤᠨ ᠵᠢᠷᠤᠭ ᠲᠥᠰᠥᠯ ᠪᠣᠯᠪᠠᠰᠤᠷᠠᠭᠤᠯᠬᠤ ᠵᠥᠪᠯᠡᠬᠦ ᠦᠢᠯᠡᠴᠢᠯᠡᠭᠡ ᠶᠢ ᠭᠦᠢᠴᠡᠳᠬᠡᠭᠦᠯᠬᠦ ᠪᠡᠷ ᠲᠧᠨᠳᠧᠷ ᠵᠠᠷᠯᠠᠵᠠᠢ᠃ ᠲᠧᠨᠳᠧᠷ ᠲᠦ ᠤᠷᠤᠯᠴᠠᠬᠤ ᠬᠦᠰᠡᠯ ᠲᠡᠢ ᠭᠠᠳᠠᠭᠠᠳᠤ᠂ ᠳᠣᠲᠣᠭᠠᠳᠤ ᠶᠢᠨ ᠠᠵᠤ ᠠᠬᠤᠢ ᠶᠢᠨ ᠨᠢᠭᠡᠴᠡ ᠨᠦᠭᠦᠳ ᠦᠨ ᠮᠠᠲ᠋ᠧᠷᠢᠶᠠᠯ ᠢ ᠭᠤᠷᠪᠠᠳᠤᠭᠠᠷ ᠰᠠᠷ᠎ᠠ ᠶᠢᠨ 13 ᠤ 11.00 ᠴᠠᠭ ᠬᠦᠷᠲᠡᠯ᠎ᠡ ᠬᠦᠯᠢᠶᠡᠨ ᠠᠪᠬᠤ ᠶᠤᠮ ᠪᠠᠶᠢᠨ᠎ᠠ᠃