ᠣᠯᠠᠨ ᠤᠯᠤᠰ ᠤᠨ ᠦᠨᠡᠯᠡᠭᠡᠨ ᠤ Moody’s ᠡᠩᠧᠨ᠋ᠲᠯᠢᠭ᠋ ᠮᠣᠩᠭᠤᠯ ᠤᠯᠤᠰ ᠤᠨ ᠵᠠᠰᠠᠭ ᠤᠨ ᠭᠠᠵᠠᠷ ᠤᠨ ᠤᠷᠲᠤ ᠬᠤᠭᠤᠴᠠᠭᠠᠨ ᠤ ᠵᠢᠭᠡᠯᠡᠵᠢᠬᠦ ᠵᠡᠷᠭᠡᠯᠡᠯ ᠢ В3 ᠲᠦᠪᠰᠢᠨ ᠳᠤ ᠬᠡᠪ ᠢᠶᠠᠷ ᠦᠯᠡᠳᠡᠭᠡᠵᠦ᠂ ᠲᠥᠯᠥᠪ ᠢ︽ᠲᠣᠭᠲᠠᠪᠤᠷᠢᠲᠠᠶ︾ᠬᠡᠮᠡᠨ ᠦᠨᠡᠯᠡᠵᠡᠢ᠃ ᠮᠣᠩᠭᠤᠯ ᠤᠯᠤᠰ ᠤᠨ ᠵᠠᠰᠠᠭ ᠤᠨ ᠭᠠᠵᠠᠷ ᠨᠢᠭᠡᠳᠦᠭᠡᠷ ᠰᠠᠷ᠎ᠠ ᠳᠤ 650 ᠰᠠᠶ᠎ᠠ ᠳ᠋ᠣᠯᠯᠠᠷ ᠤᠨ 2028 ᠣᠨ ᠳᠤ ᠡᠷᠭᠢᠨ ᠲᠥᠯᠥᠬᠦ ᠪᠤᠨᠳ᠋ ᠭᠠᠷᠭᠠᠵᠤ᠂ ᠥᠷᠢ ᠶᠢ ᠳᠠᠬᠢᠨ ᠰᠠᠩᠬᠦᠦᠵᠢᠭᠦᠯᠦᠭᠰᠡᠨ ᠤ ᠳᠠᠷᠠᠭ᠎ᠠ ᠣᠶᠢᠷ᠎ᠠ ᠶᠢᠨ ᠬᠡᠳᠦᠨ ᠵᠢᠯ ᠳᠤ ᠰᠠᠩᠬᠦᠦᠵᠢᠯᠲᠡ ᠶᠢᠨ ᠬᠡᠷᠡᠭᠴᠡᠭᠡ ᠪᠠᠭᠠᠰᠴᠤ᠂ ᠦᠡᠭᠭᠡᠷᠡᠭᠰᠡᠠ ᠣᠨ ᠲᠠᠢ ᠬᠠᠷᠢᠴᠠᠭᠤᠯᠬᠤ ᠳᠤ ᠢᠯᠡᠬᠦᠦ ᠲᠣᠭᠲᠠᠪᠤᠷᠢᠲᠠᠶ ᠲᠦᠪᠰᠢᠨ ᠳᠤ ᠬᠦᠷᠦᠭᠰᠡᠨ ᠬᠡᠮᠡᠨ ᠳ᠋ᠦᠩᠨᠡᠵᠡᠢ᠃
ᠲᠡᠭᠦᠨᠴᠢᠯᠡᠨ ᠬᠢᠲᠠᠳ ᠤᠨ︽ᠲᠡᠭ COVID︾ᠪᠣᠳᠣᠯᠭ᠎ᠠ ᠪᠠᠨ ᠰᠤᠯᠠᠷᠠᠭᠤᠯᠵᠤ᠂ ᠮᠣᠩᠭᠣᠯ ᠤᠨ ᠳᠡᠳ᠋ ᠪᠦᠲᠦᠴᠡ᠂ ᠯᠤᠵᠢᠰᠲ᠋ᠢᠺ ᠤᠨ ᠰᠦᠯᠵᠢᠶ᠎ᠠ ᠨᠡᠭᠡᠭᠡᠭᠳᠡᠨ᠂ ᠠᠭᠤᠯᠠ ᠠᠭᠤᠷᠬᠠᠢ ᠶᠢᠨ ᠲᠣᠮᠤᠬᠠᠨ ᠲᠦᠰᠦᠯ ᠤᠳ ᠢᠶᠠᠨ ᠦᠷᠭᠡᠵᠢᠭᠦᠯᠦᠭᠰᠡᠨ ᠢᠶᠡᠷ ᠭᠠᠳᠠᠭᠠᠳᠤ ᠸᠠᠯᠢᠶᠤᠲ ᠤᠨ ᠣᠷᠣᠯᠭ᠎ᠠ ᠠᠭᠠᠵᠢᠮ ᠢᠶᠠᠷ ᠰᠡᠷᠭᠦᠵᠦ᠂ ᠳᠣᠲᠤᠭᠠᠳᠤ ᠶᠢᠨ ᠨᠡᠶᠢᠲᠡ ᠪᠦᠲᠦᠭᠡᠭᠳᠡᠬᠦᠨ ᠤ ᠥᠰᠦᠯᠲᠡ ᠣᠶᠢᠷ᠎ᠠ ᠶᠢᠨ ᠬᠡᠳᠦᠨ ᠵᠢᠯ ᠳᠤ ᠪᠣᠯᠤᠮᠵᠢᠲᠤ ᠲᠦᠪᠰᠢᠨ ᠳᠤ ᠬᠦᠷᠬᠦ ᠪᠣᠯᠣᠮᠵᠢ ᠲᠠᠢ ᠭᠡᠵᠦ ᠦᠵᠡᠵᠦ ᠪᠠᠶᠢᠨ᠎ᠡ᠃