ᠶᠡᠷᠦᠩᠬᠡᠢ ᠰᠠᠶᠢᠳ ᠯ∙ᠤᠶᠤᠡᠡᠷᠳᠡᠨᠢ ᠭᠠᠳᠠᠭᠠᠳᠤ ᠬᠡᠷᠡᠭ ᠦᠨ ᠰᠠᠶᠢᠳ ᠫᠠᠺ ᠵᠢᠨ ᠲᠠᠢ ᠠᠭᠤᠯᠵᠠᠵᠤ᠂ ᠮᠣᠩᠭᠣᠯ ᠤᠯᠤᠰ ᠤᠨ ᠵᠠᠰᠠᠭ ᠤᠨ ᠭᠠᠵᠠᠷ ᠠᠴᠠ 2023-2025 ᠣᠨ ᠢ《ᠮᠣᠩᠭᠣᠯ ᠳᠤ ᠵᠣᠴᠢᠯᠠᠬᠤ》ᠵᠢᠯ ᠪᠣᠯᠭᠠᠨ ᠵᠠᠷᠯᠠᠭᠰᠠᠨ ᠲᠠᠢ ᠬᠣᠯᠪᠣᠭᠳᠠᠭᠤᠯᠤᠨ᠂ ᠮᠣᠩᠭᠣᠯ ᠳᠤ ᠵᠣᠴᠢᠯᠠᠬᠤ ᠵᠢᠯ ᠦᠨ ᠨᠡᠭᠡᠭᠡᠯᠲᠡ ᠶᠢᠨ ᠠᠵᠢᠯᠯᠠᠭ᠎ᠠ ᠶᠢ ᠪᠦᠭᠦᠳᠡ ᠨᠠᠢᠷᠠᠮᠳᠠᠬᠤ ᠰᠤᠯᠤᠩᠭᠤᠰ ᠤᠯᠤᠰ ᠠᠴᠠ ᠡᠬᠢᠯᠡᠭᠦᠯᠵᠦ᠂ 《ᠮᠣᠩᠭᠣᠯ ᠳᠤ ᠲᠠᠪᠠᠲᠠᠢ ᠮᠣᠷᠢᠯᠠᠨ᠎ᠠ ᠤᠤ》ᠠᠷᠭ᠎ᠠ ᠬᠡᠮᠵᠢᠶ᠎ᠡ ᠶᠢ ᠵᠣᠬᠢᠶᠠᠨ ᠪᠠᠶᠢᠭᠤᠯᠵᠤ ᠪᠤᠢ ᠶᠢ ᠣᠨᠴᠠᠯᠠᠨ ᠲᠡᠮᠳᠡᠭᠯᠡᠯ᠎ᠡ᠃ ᠮᠥᠨ ᠮᠣᠩᠭᠣᠯ ᠢᠷᠭᠡᠳ ᠲᠦ ᠸᠢᠰᠠ ᠶᠢᠨ ᠬᠥᠩᠭᠡᠯᠡᠯᠲᠡ ᠦᠵᠡᠭᠦᠯᠬᠦ᠂ ᠴᠢᠨᠠᠭᠰᠢᠳᠠ ᠬᠠᠷᠢᠯᠴᠠᠨ ᠸᠢᠰᠠ ᠦᠭᠡᠢ ᠵᠣᠷᠴᠢᠬᠤ ᠨᠥᠬᠥᠴᠡᠯ ᠢ ᠪᠦᠷᠢᠳᠦᠭᠦᠯᠬᠦ ᠲᠠᠯ᠎ᠠ ᠪᠠᠷ ᠲᠠᠯ᠎ᠠ ᠨᠤᠭᠤᠳ ᠢᠯᠡᠭᠦᠦ ᠨᠢᠭᠲᠠ ᠬᠠᠮᠲᠤᠷᠠᠨ ᠠᠵᠢᠯᠯᠠᠨ᠎ᠠ ᠭᠡᠳᠡᠭ ᠲᠦ ᠢᠲᠡᠭᠡᠯ ᠲᠡᠢ ᠪᠠᠶᠢᠭ᠎ᠠ ᠶᠢ ᠢᠯᠡᠷᠬᠡᠶᠢᠯᠡᠪᠡ᠃
ᠪᠦᠭᠦᠳᠡ ᠨᠠᠢᠷᠠᠮᠳᠠᠬᠤ ᠰᠤᠯᠤᠩᠭᠤᠰ ᠤᠯᠤᠰ ᠤᠨ ᠭᠠᠳᠠᠭᠠᠳᠤ ᠬᠡᠷᠡᠭ ᠦᠨ ᠰᠠᠶᠢᠳ ᠫᠠᠺ ᠵᠢᠨ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠲᠡᠷᠢᠭᠦᠨ ᠦ ᠬᠤᠪᠢ ᠪᠠᠷ 2023 ᠣᠨ ᠳᠤ ᠭᠠᠳᠠᠭᠠᠳᠤ ᠤᠯᠤᠰ ᠣᠷᠣᠨ ᠨᠤᠭᠤᠳ ᠲᠤ ᠬᠡᠷᠡᠭᠵᠢᠭᠦᠯᠬᠦ ᠳᠡᠭᠡᠳᠦ ᠲᠦᠪᠰᠢᠨ ᠦ ᠠᠩᠬᠠᠨ ᠤ ᠠᠶᠢᠯᠴᠢᠯᠠᠯ ᠢ ᠰᠤᠯᠤᠩᠭᠤᠰ ᠠᠴᠠ ᠡᠬᠢᠯᠡᠭᠦᠯᠵᠦ ᠪᠤᠢ ᠳᠤ ᠪᠠᠶᠠᠷ ᠲᠠᠢ ᠪᠠᠶᠢᠭ᠎ᠠ ᠪᠠᠨ ᠢᠯᠡᠷᠬᠡᠶᠢᠯᠡᠭᠡᠳ᠂ ᠢᠷᠭᠡᠳ ᠬᠠᠷᠢᠯᠴᠠᠨ ᠵᠣᠷᠴᠢᠬᠤ ᠨᠥᠬᠥᠴᠡᠯ ᠢ ᠬᠥᠩᠭᠡᠪᠴᠢᠯᠡᠬᠦ ᠴᠢᠭᠯᠡᠯ ᠳᠦ ᠬᠣᠶᠠᠷ ᠤᠯᠤᠰ ᠤᠨ ᠬᠠᠤᠯᠢ ᠵᠦᠢ ᠶᠢᠨ ᠶᠠᠮᠤᠨ᠂ ᠭᠠᠳᠠᠭᠠᠳᠤ ᠬᠠᠷᠢᠯᠴᠠᠭᠠᠨ ᠤ ᠶᠠᠮᠤᠨ ᠬᠣᠭᠣᠷᠣᠨᠳᠣ ᠶᠢᠨ ᠶᠠᠷᠢᠶ᠎ᠠ ᠬᠡᠯᠡᠯᠴᠡᠭᠡ ᠶᠢ ᠡᠷᠴᠢᠮᠵᠢᠭᠦᠯᠵᠦ᠂ ᠣᠶᠢᠷ᠎ᠠ ᠶᠢᠨ ᠬᠤᠭᠤᠴᠠᠭᠠᠨ ᠳᠤ ᠪᠣᠳᠠᠲᠤ ᠦᠷ᠎ᠡ ᠳ᠋ᠦᠩ ᠭᠠᠷᠭᠠᠬᠤ ᠶᠢᠨ ᠲᠥᠯᠥᠭᠡ ᠪᠡᠶᠡᠴᠢᠯᠡᠨ ᠠᠩᠬᠠᠷᠴᠤ ᠠᠵᠢᠯᠯᠠᠵᠤ ᠪᠤᠢ ᠪᠠᠨ ᠲᠡᠮᠳᠡᠭᠯᠡᠯ᠎ᠡ᠃
ᠫᠠᠺ ᠵᠢᠨ ᠰᠠᠶᠢᠳ ᠫᠤᠰᠠᠨ ᠬᠣᠲᠠ ᠨᠢ ᠪᠦᠭᠦᠳᠡ ᠨᠠᠢᠷᠠᠮᠳᠠᠬᠤ ᠰᠤᠯᠤᠩᠭᠤᠰ ᠤᠯᠤᠰ ᠤᠨ ᠬᠤᠶᠠᠳᠠᠬᠢ ᠲᠣᠮᠣ ᠬᠣᠲᠠ ᠪᠥᠭᠡᠳ ᠮᠣᠩᠭᠣᠯ ᠢᠷᠭᠡᠳ ᠣᠯᠠᠨ ᠢᠶᠠᠷ ᠵᠣᠷᠴᠢᠳᠠᠭ ᠬᠣᠲᠠ ᠪᠣᠯᠬᠤ ᠶᠢ ᠲᠡᠮᠳᠡᠭᠯᠡᠭᠡᠳ《ᠳᠡᠯᠡᠬᠡᠢ ᠶᠢᠨ Exposition-2030》 ᠢ ᠡᠬᠡ ᠣᠷᠣᠨ ᠳᠤ ᠪᠠᠨ ᠵᠣᠬᠢᠶᠠᠨ ᠪᠠᠶᠢᠭᠤᠯᠬᠤ ᠡᠷᠬᠡ ᠶᠢᠨ ᠲᠥᠯᠦᠭᠡᠬᠢ ᠥᠷᠢᠰᠦᠯᠳᠦᠭᠡᠨ ᠳᠦ ᠮᠣᠩᠭᠣᠯ ᠤᠯᠤᠰ ᠫᠤᠰᠠᠨ ᠬᠣᠲᠠ ᠶᠢ ᠳᠡᠮᠵᠢᠬᠦ ᠶᠢ ᠬᠦᠰᠡᠯ᠎ᠡ᠃