ᠶᠡᠷᠦᠩᠬᠡᠶ ᠰᠠᠶᠢᠳ ᠯ᠊ ·ᠤᠶᠤᠡᠡᠷᠳᠡᠨᠢ Financial Times ᠳᠤ ᠥᠭᠭᠦᠭᠰᠡᠨ ᠶᠠᠷᠢᠯᠴᠠᠭ᠎ᠠ ᠳᠤ ᠪᠠᠨ᠄ ᠪᠠᠷᠠᠭᠤᠨ ᠤ ᠣᠷᠣᠨ ᠨᠤᠭᠤᠳ ᠦᠨ ᠣᠷᠣᠰ ᠲᠤ ᠲᠠᠯᠪᠢᠭᠰᠠᠨ ᠬᠢᠵᠠᠭᠠᠷᠯᠠᠯᠲᠠ ᠶᠢᠨ ᠠᠷᠭ᠎ᠠ ᠬᠡᠮᠵᠢᠶ᠎ᠡ ᠨᠦᠭᠦᠳ ᠲᠤ ᠰᠡᠦᠡᠬᠢᠯ ᠳᠤᠮᠳᠠᠭᠤᠷ ᠪᠠᠶᠢᠨ᠎ᠡ᠃ ᠬᠤᠷᠢᠭ ᠠᠷᠭ᠎ᠠ ᠬᠡᠮᠵᠢᠶ᠎ᠡ ᠨᠦᠭᠦᠳ ᠮᠣᠩᠭᠤᠯ ᠤᠯᠤᠰ ᠤᠨ ᠡᠳ᠋ ᠤᠨ ᠵᠠᠰᠠᠭ ᠲᠤ ᠰᠥᠷᠭᠦ ᠪᠠᠷ ᠨᠥᠯᠥᠭᠡᠯᠡᠵᠦ ᠪᠠᠶᠢᠨ᠎ᠡ᠃ ᠢᠮᠫᠣᠷᠲᠯᠠᠵᠤ ᠪᠤᠶ ᠰᠢᠲᠠᠬᠤᠨ ᠤ ᠦᠨ᠎ᠡ ᠠᠴᠠ ᠭᠠᠳᠡᠨ᠎ᠡ ᠣᠷᠣᠰ ᠤᠨ ᠲᠦᠩᠰᠢᠯᠡᠯ ᠤᠳ ᠠᠴᠠ ᠠᠪᠳᠠᠭ ᠵᠠᠷᠢᠮ ᠪᠦᠲᠦᠭᠡᠭᠳᠡᠬᠦᠨ ᠲᠠᠰᠤᠯᠳᠠᠬᠤ ᠠᠰᠠᠭᠤᠳᠠᠯ ᠭᠠᠷᠴᠤ ᠪᠠᠶᠢᠭ᠎ᠠ ᠨᠢ ᠮᠣᠩᠭᠣᠯ ᠤᠨ ᠬᠤᠪᠢ ᠳᠤ ᠳᠠᠪᠬᠤᠷ ᠬᠤᠷᠢᠭ ᠪᠣᠯᠵᠤ ᠪᠠᠶᠢᠭ᠎ᠠ ᠭᠡᠳᠡᠭ ᠢ ᠲᠣᠳᠣᠳᠬᠠᠭᠰᠠᠨ ᠪᠠᠶᠢᠨ᠎ᠡ᠃
ᠲᠤᠬᠠᠶᠢᠯᠠᠪᠠᠯ᠄ ᠣᠷᠣᠰ ᠤᠨ ᠠᠭᠠᠷ ᠤᠨ ᠬᠢᠯᠢ ᠪᠠᠷ ᠡᠸᠦ᠋ᠷᠦᠫᠡ ᠠᠽᠢᠶ᠎ᠠ ᠶᠢᠨ ᠴᠢᠭᠯᠡᠯ ᠳᠤ ᠨᠢᠰᠦᠯᠭᠡ ᠦᠢᠯᠡᠳᠴᠦ ᠪᠠᠶᠢᠭᠰᠠᠨ ᠠᠭᠠᠷ ᠤᠨ ᠲᠡᠭᠡᠭᠡᠪᠦᠷᠢ ᠶᠢᠨ ᠺᠣᠮᠫᠠᠨᠢ ᠨᠤᠭᠤᠳ ᠤᠨ ᠴᠢᠭᠯᠡᠯ ᠳᠤ ᠥᠭᠡᠷᠡᠴᠢᠯᠡᠯᠲᠡ ᠣᠷᠣᠭᠰᠠᠨ ᠨᠢ ᠮᠣᠩᠭᠣᠯ ᠤᠨ ᠲᠠᠯ᠎ᠠ ᠳᠤ ᠰᠥᠷᠭᠦ ᠪᠠᠷ ᠨᠥᠯᠥᠭᠡᠯᠡᠭᠰᠡᠨ ᠢ ᠲᠡᠷᠡ ᠣᠨᠴᠠᠯᠠᠭᠰᠠᠨ ᠪᠠᠶᠢᠨ᠎ᠡ᠃